摘要 |
ᠡᠷᠡᠲᠡ ᠦᠶ ᠠ ᠶᠢᠨ ᠬᠦᠮᠦᠰ ᠦᠨᠳᠡᠭᠡ ᠵᠢ ᠠᠮᠢ ᠠᠮᠢᠵᠢᠷᠠᠯ ᠤᠨ ᠡᠬᠢ ᠡᠭᠦᠰᠦᠯ ᠲᠠᠢ ᠬᠤᠯᠪᠤᠨ ᠰᠡᠳᠬᠢᠵᠦ᠂ ᠦᠨᠳᠡᠭᠡᠨ ᠡᠴᠡ ᠲᠡᠯᠡᠭᠡᠢ ᠶᠢᠷᠰᠢᠨᠴᠦ ᠪᠤᠢ ᠪᠤᠯᠤᠭᠰᠠᠨ ᠭᠡᠬᠦ᠂ ᠦᠨᠳᠡᠭᠡᠨ ᠡᠴᠡ ᠬᠦᠮᠦᠨ ᠲᠦᠷᠦᠯᠬᠢᠲᠠᠨ ᠤ ᠪᠤᠢ ᠪᠤᠯᠤᠭᠰᠠᠨ ᠭᠡᠬᠦ ᠪᠠᠯᠠᠷᠯᠢᠭ ᠲᠠᠨᠢᠯᠲᠠ ᠲᠠᠢ ᠪᠠᠢᠪᠠ᠃ ᠪᠠᠰᠠ ᠰᠢᠪᠠᠭᠤ ᠵᠢ ᠦᠷᠡᠵᠢᠯ ᠲᠠᠢ ᠪᠤᠯᠬᠤᠨ ᠰᠢᠲᠦᠳᠡᠭ ᠪᠠᠢᠭᠰᠠᠨ ᠤ ᠤᠮᠠᠯ ᠡᠴᠡ ᠰᠢᠪᠠᠭᠤ ᠨᠢ ᠡᠷ ᠡ ᠪᠡᠯᠭᠡ ᠶᠢᠨ ᠡᠷᠭᠡᠲᠡᠨ ᠤ ᠲᠦᠯᠦᠭᠡᠯᠡᠭᠴᠢ ᠪᠤᠯᠵᠤ ᠪᠠᠢᠭᠰᠠᠨ ᠶᠣᠮ᠃ ᠲᠤᠰ ᠦᠭᠦᠯᠡᠯ ᠳ᠋ᠤ ᠡᠷᠲᠡ ᠦᠶ ᠠ ᠶᠢᠨ ᠬᠦᠮᠦᠰ ᠤᠨ ᠦᠵᠡᠯᠲᠡ ᠲᠠᠨᠢᠯᠲᠠ ᠳ᠋ᠤ ᠶᠠᠭᠠᠬᠢᠭᠠᠳ ᠦᠨᠳᠡᠭᠡ᠂ ᠰᠢᠪᠡᠭᠤ ᠨᠢ ᠦᠷᠡᠵᠢᠯ ᠰᠢᠲᠦᠯᠭᠡ ᠲᠠᠢ ᠬᠤᠯᠪᠤᠭᠳᠠᠬᠤ ᠪᠤᠯᠤᠭᠰᠠᠨ ᠲᠣᠬᠠᠢ ᠵᠠᠩ ᠦᠢᠯᠡ᠂ ᠰᠣᠶᠣᠯ ᠵᠦᠢ᠂ ᠬᠠᠭᠤᠴᠢ ᠰᠣᠳᠤᠯᠤᠯ ᠤᠨ ᠡᠭᠦᠳᠡᠨ ᠡᠴᠡ ᠲᠠᠢᠯᠪᠤᠷᠢᠯᠠᠬᠤ ᠵᠢ ᠵᠤᠷᠢᠪᠠ᠃ |