题名 |
ᠮᠣᠩᠭᠣᠯ ᠬᠡᠯᠡᠨ ᠦ ᠨᠡᠷ ᠡ ᠦᠭᠡ ᠶᠢᠨ ᠦᠭᠦᠯᠡᠪᠦᠷᠢ ᠤᠳᠬ᠎ᠠ ᠴᠢᠳᠠᠮᠵᠢ ᠶᠢᠨ ᠲᠤᠬᠠᠢ |
作者 |
ᠵᠠ᠂ ᠪᠠᠲᠤᠭᠡᠷᠡᠯ |
关键词 |
ᠨᠡᠷ ᠡ ᠦᠭᠡ ; ᠦᠭᠦᠯᠡᠭᠦᠢ ᠤᠳᠬ᠎ᠠ; ᠴᠠᠺ ; ᠤᠷᠤᠨ ᠵᠠᠢ ; ᠴᠢᠳᠠᠮᠵᠢ |
摘要 |
ᠨᠡᠷ ᠡ ᠦᠬᠡ(ᠵᠢᠩᠬᠢᠨᠢ ᠨᠡᠷ ᠡ)ᠪᠤᠯ ᠬᠦᠮᠦᠰ ᠤᠨ ᠬᠥᠮᠥᠨ ᠠᠮᠢᠳᠠᠨ᠂ ᠭᠡᠷᠡᠭ ᠪᠤᠳᠠᠰ᠂ ᠦᠵᠡᠭᠳᠡᠯ ᠢ ᠰᠢᠭᠤᠳ ᠨᠡᠷᠡᠯᠡᠨ ᠵᠢᠭᠠᠬᠤ ᠨᠡᠷᠡᠢ᠌ᠳᠬᠦᠢ ᠬᠡᠯᠪᠡᠷᠢ ᠨᠢ ᠮᠦᠨ᠃ ᠮᠦᠨ ᠴᠤ ᠲᠡᠭᠦᠨ ᠦ ᠤᠷᠤᠰᠢᠬᠤ ᠦᠨᠳᠦᠰᠦᠨ ᠤᠳᠬ᠎ᠠ ᠨᠢ ᠪᠤᠯᠬᠤ ᠶᠤᠮ᠃ ᠡᠢ᠌ᠮᠦ ᠡᠴᠡ ᠨᠡᠷ ᠡ ᠦᠭᠡ ᠶᠢᠨ ᠨᠡᠷᠡᠢ᠌ᠳᠬᠦᠢ ᠤᠳᠬ᠎ᠠ ᠨᠢ ᠯᠠ ᠰᠠᠶᠢ᠋᠋ ᠨᠡᠷ ᠡ ᠦᠬᠡ ᠶᠢᠨ ᠦᠭᠡᠰ ᠤᠨ ᠬᠤᠯᠪᠤᠭᠠᠨ ᠳᠤ ᠢᠯᠡᠷᠡᠬᠦ ᠦᠨᠳᠦᠰᠦᠨ ᠰᠢᠨᠵᠢ ᠶᠢ ᠲᠤᠭᠳᠠᠭᠠᠵᠤ ᠴᠢᠳᠠᠬᠤ ᠶᠤᠮ᠃ ᠬᠡᠪᠡᠴᠦ ᠨᠢᠭᠡ ᠭᠡᠷᠡᠭ ᠪᠤᠳᠠᠰ ᠪᠤᠯ ᠬᠤᠶᠠᠷ ᠲᠠᠯ ᠠ ᠲᠠᠢ ᠪᠠᠢ᠌ᠬᠤ ᠶᠤᠰᠤᠲᠠᠢ ᠃ ᠡᠢ᠌ᠮᠦ ᠡᠴᠡ ᠪᠤᠰᠤᠳᠴᠢ ᠭᠡᠷᠡᠭ ᠪᠤᠳᠠᠰ᠂ ᠦᠵᠡᠭᠳᠡᠯ ᠨᠢ ᠨᠡᠷ ᠡ ᠦᠭᠡ ᠶᠢᠨ ᠠᠭᠤᠯᠭ᠎ᠠ ᠨᠢ ᠪᠤᠯᠵᠤ ᠲᠤᠳᠤᠭᠳᠠᠵᠤ ᠢᠯᠡᠷᠡᠬᠦ ᠳᠡᠭᠡᠨ ᠨᠢᠭᠡ ᠲᠠᠯ ᠠ ᠪᠠᠷ᠂ ᠭᠡᠷᠡᠭ ᠪᠤᠳᠠᠰ᠂ ᠦᠵᠡᠭᠳᠡᠯ ᠤᠨ ᠨᠡᠷᠡᠢ᠌ᠳᠦᠯ ᠨᠢ ᠪᠤᠯᠤᠭᠰᠠᠨ ᠨᠡᠷᠡᠢ᠌ᠳᠭᠡᠯ ᠤᠳᠬ᠎ᠠ ᠲᠠᠢ ᠪᠠᠢ᠌ᠬᠤ ᠶᠤᠰᠤᠲᠠᠢ᠂ ᠨᠦᠭᠦᠭᠡ ᠲᠠᠯ ᠠ ᠪᠡᠷ᠂ ᠭᠡᠷᠡᠭ ᠪᠤᠳᠠᠰ ᠤᠨ ᠲᠤᠬᠠᠢ ᠦᠭᠦᠯᠡᠵᠦ ᠲᠠᠢ᠌ᠯᠪᠤᠷᠢᠯᠠᠭᠰᠠᠨ ᠦᠭᠦᠯᠡᠭᠦᠢ ᠤᠳᠬ᠎ᠠ ᠲᠠᠢ ᠴᠤ ᠪᠠᠢ᠌ᠬᠤ ᠶᠤᠰᠤᠲᠠᠢ ᠃ ᠪᠢᠳᠡ ᠭᠡᠷᠪᠡ ᠨᠡᠷ ᠡ ᠦᠬᠡ ᠶᠢᠨ ᠨᠡᠷᠡᠢ᠌ᠳᠭᠡᠯ ᠤᠳᠬ᠎ᠠ ᠶᠢ ᠨᠡᠷ ᠡ ᠦᠭᠡ ᠶᠢᠨ ᠮᠦᠨ ᠴᠢᠨᠠᠷ ᠤᠨ ᠤᠨᠴᠠᠯᠢᠭ᠂ ᠨᠡᠷ ᠡ ᠦᠬᠡ ᠶᠢᠨ ᠤᠷᠤᠰᠢᠬᠤ ᠦᠨᠳᠦᠰᠦᠨ ᠬᠡᠯᠪᠡᠷᠢ ᠨᠢ ᠮᠦᠨ ᠭᠡᠵᠦ ᠦᠵᠡᠪᠡᠯ ᠃ ᠨᠡᠷ ᠡ ᠦᠬᠡ ᠶᠢᠨ ᠦᠭᠦᠯᠡᠭᠦᠢ ᠤᠳᠬ᠎ᠠ ᠶᠢ ᠥᠭᠥᠯᠡᠪᠦᠷᠢ ᠳᠤ ᠡᠵᠡᠨ ᠪᠡᠶ ᠡ— ᠦᠭᠦᠯᠡᠭᠳᠡᠭᠦᠨ ᠦ ᠲᠤᠬᠠᠢ ᠲᠠᠢ᠌ᠯᠪᠤᠷᠢᠯᠠᠬᠤ᠂ ᠴᠠᠭ ᠂ ᠤᠷᠤᠨ ᠵᠠᠢ ᠂ᠬᠦᠷᠢᠶ ᠡ ᠬᠡᠪᠴᠢᠶ ᠡ᠂ ᠳᠠᠰ ᠳᠠᠷᠠᠭᠠᠯᠠᠯ ᠤᠨ ᠤᠳᠬ᠎ᠠ ᠭᠡᠵᠦ ᠬᠡᠢ᠌ᠰᠪᠦᠷᠢᠯᠡᠨ ᠤᠢ᠌ᠯᠠᠭᠠᠵᠤ ᠪᠤᠯᠬᠤ ᠶᠤᠮ᠃ |
原文 |
查看原文
|
出自 |
中国蒙古学
2007年
第5期
|