| 题名 |
《ᠰᠡᠳᠡᠷᠵᠠᠪ ᠤᠨ ᠲᠤᠭᠤᠵᠢ》 ᠳᠤ ᠬᠤᠯᠪᠤᠭᠳᠠᠬᠤ ᠲᠧᠺᠰᠲ ᠦᠨ ᠬᠠᠷᠢᠴᠠᠭᠤᠯᠤᠭᠰᠠᠨ ᠰᠢᠨᠵᠢᠯᠡᠯ |
| 作者 |
ᠪᠤᠯᠤᠷ |
| 关键词 |
ᠣᠢᠷᠠᠳ ᠤᠨ ᠤᠷᠠᠨ ᠵᠤᠬᠢᠶᠠᠯ; 《ᠰᠡᠳᠡᠷᠵᠠᠪ ᠤᠨ ᠲᠤᠭᠤᠵᠢ》; ᠠᠳᠠᠯᠢ ᠪᠤᠰᠤ ᠲᠧᠺᠰᠲ |
| 摘要 |
ᠦᠩᠭᠡᠷᠡᠭᠰᠡᠨ ᠦ 《ᠰᠡᠳᠡᠷᠵᠠᠪ ᠤᠨ ᠲᠤᠭᠤᠵᠢ》 ᠶᠢᠨ ᠰᠤᠳᠤᠯᠭᠠᠨ ᠨᠢ ᠭᠤᠤᠯᠳᠠᠭᠤ ᠭᠠᠭᠴᠠ ᠲᠧᠺᠰᠲ ᠲᠤ ᠰᠠᠭᠤᠷᠢᠯᠠᠭᠰᠠᠨ ᠮᠦᠷᠲᠡᠭᠡᠨ ᠪᠤᠰᠤᠳ ᠲᠧᠺᠰᠲ ᠦᠨ ᠰᠤᠳᠤᠯᠤᠯ ᠢ ᠤᠮᠳᠤᠭᠠᠢᠯᠠᠭᠰᠠᠨ ᠪᠠᠢᠳᠠᠯ ᠲᠠᠢ᠃ 《ᠰᠡᠳᠡᠷᠵᠠᠪ ᠤᠨ ᠲᠤᠭᠤᠵᠢ》 ᠶᠢᠨ ᠠᠳᠠᠯᠢ ᠪᠤᠰᠤ ᠭᠤᠷᠪᠠᠨ ᠲᠧᠺᠰᠲ ᠢ ᠬᠤᠭᠤᠷᠤᠨᠳᠤ ᠨᠢ ᠦᠢᠯᠡ ᠶᠠᠪᠤᠳᠠᠯ᠂ ᠳᠦᠷᠢ᠂ ᠬᠡᠯᠡ ᠬᠡᠯᠡᠯᠭᠡ ᠭᠡᠬᠦ ᠭᠤᠷᠪᠠᠨ ᠲᠠᠯ᠎ᠠ ᠠᠴᠠ ᠬᠠᠷᠢᠴᠠᠭᠤᠯᠤᠨ ᠰᠢᠨᠵᠢᠯᠡᠬᠦ ᠳᠦ ᠭᠤᠷᠪᠠᠨ ᠲᠧᠺᠰᠲ ᠨᠢ ᠠᠳᠠᠯᠢ ᠬᠠᠨ ᠲᠡᠦᠬᠡᠨ ᠬᠡᠷᠡᠭ ᠢ ᠳᠤᠰᠬᠠᠭᠰᠠᠨ ᠨᠢᠭᠡᠨ ᠪᠦᠲᠦᠭᠡᠯ ᠦᠨ ᠠᠳᠠᠯᠢ ᠪᠤᠰᠤ ᠬᠤᠪᠢᠯᠪᠤᠷᠢ ᠪᠤᠰᠤ᠂ ᠬᠠᠷᠢᠨ ᠲᠧᠺᠰᠲ ᠪᠦᠷᠢ ᠨᠢ ᠦᠪᠡᠷᠮᠢᠴᠡ ᠣᠨᠴᠠᠯᠢᠭ ᠪᠦᠬᠦᠢ ᠪᠡᠶ᠎ᠡ ᠪᠡᠨ ᠳᠠᠭᠠᠭᠠᠭᠰᠠᠨ ᠪᠦᠲᠦᠭᠡᠯ ᠮᠦᠨ᠃ ᠡᠢᠮᠦ ᠡᠴᠡ ᠡᠷᠳᠡᠮ ᠰᠢᠨᠵᠢᠯᠡᠭᠡᠨ ᠦ ᠬᠤᠪᠢ ᠳᠤ᠂ ᠡᠳᠡᠭᠡᠷ ᠦᠨ ᠳᠤᠲᠤᠷᠠᠬᠢ ᠶᠠᠮᠠᠷ ᠨᠢᠭᠡᠨ ᠲᠧᠺᠰᠲ ᠢᠶᠡᠷ ᠨᠢ ᠪᠤᠰᠤᠳ ᠲᠧᠺᠰᠲ ᠤᠳ ᠢ ᠤᠷᠤᠯᠠᠭᠤᠯᠬᠤ ᠨᠢ ᠵᠦ ᠳᠦ ᠨᠡᠢᠴᠡᠬᠦ ᠦᠭᠡᠢ ᠶᠠᠪᠤᠳᠠᠯ ᠪᠤᠯᠤᠨ᠎ᠠ᠃ |
| 原文 |
查看原文
|
| 出自 |
中国蒙古学
2015年
第4期
|