题名 |
《ᠮᠣᠩᠭᠤᠯ — ᠣᠢᠷᠠᠳ ᠤᠨ ᠴᠠᠭᠠᠵᠠ ᠶᠢᠨ ᠪᠢᠴᠢᠭ》 ᠲᠡᠬᠢ ᠬᠤᠯᠠᠭᠠᠢᠯᠠᠭᠰᠠᠨ ᠶᠠᠯ᠎ᠠ ᠶᠢᠨ ᠲᠤᠬᠠᠢ ᠳᠦᠭᠦᠮ ᠦᠭᠦᠯᠡᠬᠦ ᠨᠢ |
作者 |
ᠴᠦᠨ ᠷᠦᠩ |
关键词 |
《ᠮᠣᠩᠭᠤᠯ — ᠣᠢᠷᠠᠳ ᠤᠨ ᠴᠠᠭᠠᠵᠠ ᠶᠢᠨ ᠪᠢᠴᠢᠭ》; ᠬᠤᠯᠠᠭᠠᠢᠯᠠᠭᠰᠠᠨ ᠶᠠᠯ᠎ᠠ; ᠲᠦᠷᠦᠯ ᠵᠤᠢᠯ; ᠮᠠᠯ ᠢᠶᠠᠷ ᠲᠤᠷᠭᠠᠬᠤ |
摘要 |
《ᠮᠣᠩᠭᠤᠯ — ᠣᠢᠷᠠᠳ ᠤᠨ ᠴᠠᠭᠠᠵᠠ ᠶᠢᠨ ᠪᠢᠴᠢᠭ》 ᠦᠨ ᠲᠤᠭᠲᠠᠭᠠᠭᠳᠠᠭᠰᠠᠨ ᠨᠢ 17 ᠳᠤᠭᠠᠷ ᠵᠠᠭᠤᠨ ᠤ ᠮᠣᠩᠭᠤᠯ ᠤᠨ ᠨᠡᠢᠭᠡᠮ ᠦᠨ ᠤᠯᠤᠰ ᠲᠦᠷᠦ ᠠᠵᠤ ᠠᠬᠤᠢ ᠶᠢᠨ ᠬᠦᠭᠵᠢᠯᠲᠡ ᠬᠤᠪᠢᠷᠠᠯᠲᠠ ᠲᠠᠢ ᠨᠢᠭᠲᠠ ᠬᠤᠯᠪᠤᠭ᠎ᠠ ᠲᠠᠢ ᠶᠤᠮ᠃ ᠴᠠᠭᠠᠵᠠ ᠶᠢᠨ ᠪᠢᠴᠢᠭ ᠲᠦ ᠴᠡᠷᠢᠭ ᠦᠨ ᠡᠳ᠋ ᠪᠤᠳᠠᠰ ᠤᠨ ᠬᠤᠯᠠᠭᠠᠢᠯᠠᠭᠰᠠᠨ ᠶᠠᠯ᠎ᠠ᠂ ᠮᠠᠯ ᠤᠨᠤᠭ᠎ᠠ ᠬᠤᠯᠠᠭᠠᠢᠯᠠᠭᠰᠠᠨ ᠶᠠᠯ᠎ᠠ᠂ ᠠᠷᠠᠰᠤᠨ ᠳᠡᠪᠡᠯ ᠠᠷᠠᠰᠤᠨ ᠡᠳ᠋ᠯᠡᠯ ᠬᠤᠯᠠᠭᠠᠢᠯᠠᠭᠰᠠᠨ ᠶᠠᠯ᠎ᠠ᠂ ᠡᠮᠡᠭᠡᠯ ᠦᠨ ᠲᠤᠨᠤᠭ ᠬᠤᠯᠠᠭᠠᠢᠯᠠᠭᠰᠠᠨ ᠶᠠᠯ᠎ᠠ᠂ ᠦᠢᠯᠡᠳᠪᠦᠷᠢᠯᠡᠯ ᠠᠮᠢᠳᠤᠷᠠᠯ ᠤᠨ ᠪᠠᠭᠠᠵᠢ ᠬᠡᠷᠡᠭᠰᠡᠯ ᠬᠤᠯᠠᠭᠠᠢᠯᠠᠭᠰᠠᠨ ᠶᠠᠯ᠎ᠠ ᠵᠡᠷᠭᠡ ᠶᠢ ᠲᠤᠳᠤᠷᠬᠠᠢ ᠲᠤᠭᠲᠠᠭᠠᠵᠤ᠂ ᠡᠨᠡ ᠨᠢ ᠲᠤᠬᠠᠢ ᠶᠢᠨ ᠦᠶ᠎ᠡ ᠶᠢᠨ ᠮᠣᠩᠭᠤᠯ ᠤᠨ ᠨᠡᠢᠭᠡᠮ ᠦᠨ ᠠᠮᠤᠷ ᠲᠤᠭᠲᠠᠭᠤᠨ ᠢᠶᠠᠷ ᠬᠦᠭᠵᠢᠬᠦ ᠶᠢ ᠪᠠᠲᠤᠯᠠᠬᠤ ᠳᠤ ᠴᠢᠬᠤᠯᠠ ᠦᠢᠯᠡᠳᠦᠯ ᠦᠵᠡᠭᠦᠯᠦᠭᠰᠡᠨ ᠪᠠᠢᠨ᠎ᠠ᠃ ᠲᠡᠷᠡᠴᠢᠯᠡᠨ ᠬᠤᠯᠠᠭᠠᠢ ᠬᠢᠭᠰᠡᠨ ᠬᠦᠮᠦᠨ ᠢ ᠮᠠᠯ ᠢᠶᠠᠷ ᠲᠤᠷᠭᠠᠬᠤ ᠪᠠᠷ ᠲᠤᠭᠲᠠᠭᠠᠭᠰᠠᠨ ᠨᠢ ᠮᠣᠩᠭᠤᠯ ᠴᠠᠭᠠᠵᠠ ᠶᠢᠨ ᠳᠦᠷᠢᠮ ᠦᠨ ᠦᠪᠡᠷᠮᠢᠴᠡ ᠣᠨᠴᠠᠯᠢᠭ ᠪᠠ ᠲᠡᠦᠬᠡᠨ ᠬᠦᠭᠵᠢᠯᠲᠡ ᠶᠢᠨ ᠢᠯᠡᠷᠡᠯ ᠪᠤᠯᠤᠨ᠎ᠠ᠃ |
原文 |
查看原文
|
出自 |
中国蒙古学
2015年
第4期
|