题名 |
ᠴᠢᠩᠭᠢᠰ ᠬᠠᠭᠠᠨ ᠤ 《ᠪᠢᠯᠢᠭ᠌ ᠰᠤᠷᠭᠠᠯ》᠋᠋ ᠳᠤ ᠢᠯᠡᠷᠡᠭᠰᠡᠨ ᠯᠤᠭᠢᠭ ᠮᠦᠷᠲᠡᠯᠭᠡ ᠶᠢᠨ ᠲᠤᠬᠠᠢ ᠦᠭᠦᠯᠡᠬᠦ ᠨᠢ |
作者 |
ᠰᠢᠶᠧ ᠰᠢᠦ ᠯᠠᠨ |
关键词 |
ᠴᠢᠩᠭᠢᠰ ᠬᠠᠭᠠᠨ ᠤ 《ᠪᠢᠯᠢᠭ᠌ ᠰᠤᠷᠭᠠᠯ》; ᠯᠤᠭᠢᠭ ᠮᠦᠷᠳᠡᠯᠭᠡ; ᠮᠠᠭᠠᠳᠯᠠᠯ; ᠵᠦᠢᠴᠢᠯᠡᠯ |
摘要 |
ᠡᠷᠲᠡᠨ ᠦ ᠮᠣᠩ᠋ᠭᠤᠯᠴᠤᠳ ᠳᠦᠷᠰᠦᠯᠢᠭ᠌ ᠰᠡᠳᠭᠢᠭᠦᠢ ᠪᠤᠯᠤᠨ ᠬᠡᠢ᠌ᠰᠪᠦᠷᠢ ᠰᠡᠳᠭᠢᠭᠦᠢ ᠶᠢᠨ ᠨᠢᠭᠡᠲᠦᠯ ᠢᠶᠡᠷ ᠰᠡᠳᠭᠢᠭᠦᠢ ᠶᠢᠨ ᠢᠶᠡᠨ ᠵᠠᠭᠪᠤᠷ ᠢᠶᠠᠨ ᠪᠦᠷᠢᠯᠳᠦᠭᠦᠯᠵᠡᠢ᠃ ᠴᠢᠩᠭᠢᠰ ᠬᠠᠭᠠᠨ ᠪᠤᠯ ᠡᠷᠲᠡᠨ ᠦ ᠮᠣᠩ᠋ᠭᠤᠯᠴᠤᠳ ᠤᠨ ᠰᠡᠳᠭᠢᠭᠦᠢ ᠶᠢ ᠪᠦᠲᠦᠭᠡᠯᠴᠢ ᠪᠡᠷ ᠵᠠᠯᠭᠠᠮᠵᠢᠯᠠᠨ ᠬᠦᠭ᠍ᠵᠢᠭᠦᠯᠦᠭᠴᠢ ᠶᠢᠨ ᠭᠠᠮᠠᠭᠠᠢ ᠲᠦᠯᠦᠭᠡᠯᠡᠭᠴᠢ ᠮᠦᠨ ᠬᠡᠮᠡᠨ ᠡᠷᠳᠡᠮᠲᠡᠳ ᠰᠠᠨᠠᠯ ᠨᠢᠭᠡᠲᠡᠢ ᠦᠵᠡᠵᠦ ᠪᠠᠢ᠌ᠨ᠎ᠠ᠃ 《ᠴᠢᠩᠭᠢᠰ ᠬᠠᠭᠠᠨ ᠤ ᠪᠢᠯᠢᠭ᠌ ᠰᠤᠷᠭᠠᠯ》᠋ ᠳᠠᠬᠢ ᠯᠤᠭᠢᠭ ᠬᠡᠷᠡᠭᠯᠡᠯᠲᠡ ᠶᠢᠨ ᠪᠠᠢ᠌ᠳᠠᠯ ᠠᠴᠠ ᠪᠢᠳᠡ ᠴᠢᠩᠭᠢᠰ ᠬᠠᠭᠠᠨ ᠤ ᠴᠡᠷᠢᠭ ᠳᠠᠢ᠌ᠨ᠂ ᠤᠯᠤᠰ ᠲᠦᠷᠦ ᠶᠢᠨ ᠬᠡᠷᠡᠭ ᠶᠠᠪᠤᠳᠠᠯ᠂ ᠡᠷᠳᠡᠮᠲᠡᠨ ᠰᠠᠢ᠌ᠳ ᠢ ᠬᠡᠷᠡᠭᠯᠡᠬᠦ᠂ ᠨᠡᠢ᠌ᠭᠡᠮ ᠦᠨ ᠬᠠᠮᠢᠶᠠᠷᠤᠯᠲᠠ᠂ ᠭᠡᠷ ᠪᠦᠯᠢ ᠶᠢᠨ ᠦᠢᠯᠡ ᠵᠡᠷᠭᠡ ᠣᠯᠠᠨ ᠠᠰᠠᠭᠤᠳᠠᠯ ᠢ ᠰᠢᠢᠳᠪᠦᠷᠢᠯᠡᠬᠦ ᠳᠤ ᠪᠦᠬᠦ ᠲᠠᠯ᠎ᠠ ᠪᠤᠯᠤᠨ ᠭᠤᠤᠯᠳᠠᠯᠭ᠎ᠠ ᠶᠢᠨ ᠬᠠᠷᠢᠴᠠᠭ᠎ᠠ ᠶᠢ ᠵᠦᠪ ᠰᠢᠢᠳᠪᠦᠷᠢᠯᠡᠨ᠂ ᠠᠰᠠᠭᠤᠳᠠᠯ ᠢ ᠲᠠᠨᠢᠵᠤ ᠰᠢᠢᠳᠪᠦᠷᠢᠯᠡᠬᠦ ᠳᠡᠭᠡᠨ ᠮᠠᠭᠠᠳᠯᠠᠯ ᠤᠨ ᠪᠠᠲᠤᠯᠠᠯ ᠪᠤᠶᠤ ᠦᠭᠡᠢ᠌ᠰᠭᠡᠯ ᠲᠤᠳᠤᠷᠬᠠᠢ ᠮᠦᠷᠲᠡᠭᠡᠨ ᠵᠦᠢᠴᠢᠯᠡᠯ ᠦᠨ ᠮᠦᠷᠳᠡᠯᠭᠡ ᠴᠢᠩ᠋ᠭ᠎ᠠ ᠪᠠᠢ᠌ᠵᠤ᠂ ᠤᠬᠠᠭᠳᠠᠬᠤᠨ ᠢ ᠬᠡᠷᠡᠭᠯᠡᠬᠦ᠂ ᠮᠠᠭᠠᠳᠯᠠᠯ ᠬᠢᠬᠦ᠂ ᠮᠦᠷᠳᠡᠨ ᠵᠦᠢᠴᠢᠯᠡᠬᠦ ᠪᠤᠶᠤ ᠨᠤᠲᠠᠯᠠᠬᠤ ᠳᠠᠭᠠᠨ ᠦᠵᠡᠯ ᠰᠠᠨᠠᠭᠠᠨ ᠤ ᠨᠢᠭᠡᠲᠦᠯ ᠲᠡᠢ ᠴᠢᠨᠠᠷ ᠪᠠ ᠦᠯᠦ ᠵᠦᠷᠢᠴᠡᠯᠳᠦᠬᠦ ᠴᠢᠨᠠᠷ ᠢ ᠴᠢᠩ᠋ᠭ᠎ᠠ ᠪᠠᠷᠢᠮᠲᠠᠯᠠᠭᠰᠠᠨ ᠭᠡᠳᠡᠭ ᠢ ᠮᠡᠳᠡᠵᠦ ᠪᠤᠯᠤᠨ᠎ᠠ᠃ ᠡᠭᠦᠨ ᠦ ᠤᠯᠠᠮ ᠠᠴᠠ ᠪᠠᠷᠢᠮᠲᠠ ᠣᠨᠣᠪᠴᠢᠲᠠᠢ ᠪᠦᠭᠡᠳ ᠨᠤᠲᠠᠯᠠᠬᠤ ᠴᠢᠨᠠᠷ ᠨᠡᠩ ᠴᠢᠩ᠋ᠭ᠎ᠠ ᠪᠤᠯᠤᠭᠰᠠᠨ ᠨᠢ 《ᠴᠢᠩ᠋ᠭᠢᠰ ᠬᠠᠭᠠᠨ ᠤ ᠪᠢᠯᠢᠭ᠌ ᠰᠤᠷᠭᠠᠯ》᠋ ᠤᠨ ᠯᠤᠭᠢᠭ ᠬᠡᠷᠡᠭᠯᠡᠯᠲᠡ ᠶᠢᠨ ᠶᠠᠪᠤᠴᠠ ᠳᠠᠬᠢ ᠳᠤᠪᠤᠢ᠌ᠮᠠ ᠣᠨᠴᠠᠯᠢᠭ ᠪᠤᠯᠤᠭᠰᠠᠨ ᠪᠠᠢ᠌ᠨ᠎ᠠ᠃ |
原文 |
查看原文
|
出自 |
中国蒙古学
2013年
第2期
|