摘要 |
ᠰᠢᠷ ᠠ ᠶᠢᠨ ᠱᠠᠰᠢᠨ ᠲᠤᠷᠤᠢ᠌ᠳᠠᠨ ᠪᠠᠭᠤᠷᠠᠬᠤ ᠶᠢᠨ ᠡᠬᠢᠨ ᠦ ᠱᠠᠳᠦᠨ ᠳᠤ ᠮᠣᠩᠭᠣᠯ ᠤᠨ ᠨᠡᠢ᠌ᠭᠡᠮ ᠤᠨ ᠤᠨᠴᠠᠭᠠᠢ ᠨᠢᠭᠡᠨ ᠪᠦᠷᠢᠯᠳᠦᠭᠦᠨ ᠪᠤᠯᠬᠤ ᠪᠠᠳᠢᠷᠴᠢ ᠯᠠᠮᠠ ᠮᠣᠩᠭ᠋ᠣᠯᠴᠣᠳ ᠤᠨ ᠲᠤᠮᠲᠠ ᠮᠡᠳᠡᠭᠡ ᠵᠠᠩᠬᠢ ᠶᠢ ᠤᠯᠠᠮᠵᠢᠯᠠᠨ ᠲᠠᠷᠬᠠᠭᠠᠬᠤ ᠪᠠᠢ᠌ᠭᠰᠠᠨ ᠪᠠᠢ᠌ᠨ᠎ᠠ ᠃ ᠪᠠᠳᠢᠷᠴᠢ ᠯᠠᠮᠠ ᠶᠢᠨ ᠡᠳᠡᠭᠡᠷ ᠮᠡᠳᠡᠭᠡᠯᠡᠯ ᠤᠨ ᠠᠵᠢᠯᠯᠠᠭ᠎ᠠ ᠪᠤᠯ ᠳᠡᠭᠦᠨ ᠦ ᠰᠠᠨᠸᠠᠷ ᠠᠪᠴᠤ ᠦᠨᠡᠨ ᠦ ᠮᠦᠷ ᠢ ᠬᠦᠬᠡᠬᠡᠭ᠍ᠰᠡᠨ᠂ ᠤᠯᠠᠨ ᠡᠴᠡ ᠬᠡᠳᠦᠢ᠌ᠳᠦᠭᠰᠡᠨ ᠠᠪᠢᠶᠠᠳ ᠪᠢᠯᠢᠭ᠌᠂ ᠡᠷᠳᠡᠮ ᠮᠡᠳᠡᠯᠭᠡ ᠲᠠᠢ ᠪᠠᠢ᠌ᠬᠤ ᠪᠡᠶᠡᠴᠢ ᠨᠦᠭᠦᠴᠡᠯ ᠨᠢ ᠮᠣᠩᠭ᠋ᠣᠯᠴᠣᠳ ᠤᠨ ᠰᠦᠰᠦᠭ ᠪᠢᠰᠢᠷᠡᠯ᠂ ᠵᠠᠩ ᠠᠷᠠᠨᠰᠢᠨ᠂ ᠨᠡᠢ᠌ᠭᠡᠮ ᠠᠬᠤᠢ ᠶᠢᠨ ᠬᠦᠭ᠍ᠵᠢᠯᠳᠡ ᠶᠢᠨ ᠪᠤᠰᠤᠳᠴᠢ ᠨᠦᠬᠦᠴᠡᠯ ᠲᠠᠢ ᠵᠤᠬᠢᠴᠠᠯᠳᠤᠭᠰᠠᠨ ᠡᠴᠡ ᠲᠦᠷᠦᠭᠳᠡᠨ ᠪᠤᠢ ᠪᠤᠯᠤᠭᠰᠠᠨ ᠤᠨᠴᠠᠭᠠᠢ ᠨᠢᠭᠡ ᠵᠦᠢᠯ ᠤᠨ ᠮᠡᠳᠡᠭᠡᠯᠡᠯ ᠠᠵᠢᠯᠯᠭ᠎ᠠ ᠪᠤᠯᠬᠤ ᠶᠤᠮ᠃ |