论文信息


题名 ᠠᠭᠸᠠᠩᠳᠠᠨᠳᠠᠷ ᠤᠨ《 ᠰᠠᠷᠠᠨ ᠤ ᠭᠡᠷᠡᠯ》 ᠭᠡᠬᠦ ᠲᠦᠪᠡᠳ ᠮᠤᠩᠭᠤᠯ ᠲᠤᠯᠢ ᠪᠢᠴᠢᠭ ᠤᠨ ᠲᠡᠤᠭᠡᠨ ᠠᠴᠢ ᠬᠤᠯᠪᠤᠭᠳᠠᠯ
作者 ᠪᠤᠶᠠᠨᠴᠡᠴᠡᠭ᠌;ᠰᠡᠴᠡᠡᠪᠠᠭᠠᠳᠤᠷ
关键词 ᠠᠭᠸᠠᠩᠳᠠᠨᠳᠠᠷ ;《 ᠰᠠᠷᠠᠨ ᠤ ᠭᠡᠷᠡᠯ》 ; ᠲᠦᠪᠡᠳ ᠮᠤᠩᠭᠤᠯ ᠲᠤᠯᠢ ᠪᠢᠴᠢᠭ ; ᠲᠡᠤᠭᠡᠨ ᠠᠴᠢ ᠬᠤᠯᠪᠤᠭᠳᠠᠯ
摘要 ᠠᠯᠠᠱᠨ ᠤ ᠠᠯᠳᠠᠷᠳᠤ ᠡᠷᠳᠡᠮᠳᠡᠨ ᠠᠭᠸᠠᠩᠳᠠᠨᠳᠠᠷ ᠯᡁᠠᠷᠠᠮᠪᠠ ᠶᠢᠨ 《ᠨᠡᠷ᠎ᠡ ᠤᠳᠬ᠎ᠠ ᠵᠢ ᠲᠤᠳᠤᠳᠬᠠᠭᠴᠢ ᠰᠡᠷᠡᠨ ᠤ ᠭᠡᠷᠡᠯ ᠬᠡᠮᠡᠭᠳᠡᠬᠦ ᠲᠤᠬᠢᠶᠠᠨ ᠤ ᠪᠢᠴᠢᠭ ᠤᠷᠤᠰᠢᠪᠠᠢ》(ᠤᠯᠠᠮᠵᠢᠯᠠᠯ ᠶᠢᠡᠷ 《 ᠰᠠᠷᠠᠨ ᠤ ᠭᠡᠷᠡᠯ》 ᠭᠡᠵᠦ ᠲᠤᠪᠴᠢᠯᠠᠳᠠᠭ) ᠭᠡᠬᠦ ᠲᠦᠪᠡᠳ ᠮᠤᠩᠭᠤᠯ ᠲᠤᠯᠢ ᠪᠢᠴᠢᠭ ᠨᠢ 1838 ᠤᠨ ᠳᠤ ᠬᠡᠪᠯᠡᠭᠳᠡᠭᠰᠡᠨ ᠪᠠᠢᠨ᠎ᠠ᠃ ᠲᠤᠰ ᠲᠤᠯᠢ ᠪᠢᠴᠢᠭ ᠨᠢ ᠶᠠᠭ ᠮᠤᠩᠭᠤᠯ ᠤᠷᠤᠨ ᠳᠤ ᠲᠦᠪᠡᠳ ᠨᠤᠮ ᠵᠤᠬᠢᠶᠠᠯ ᠢ ᠤᠷᠢᠴᠭᠤᠯᠬᠤ ᠪᠡ ᠲᠦᠪᠡᠳ ᠨᠤᠮ ᠢ ᠤᠷᠴᠢᠭᠤᠯᠬᠤ ᠪᠡ ᠲᠦᠪᠡᠳ ᠮᠤᠩᠭᠤᠯ ᠬᠤᠶᠠᠷ ᠬᠡᠯᠡᠨ ᠤ ᠲᠤᠯᠢ ᠪᠢᠴᠢᠭ ᠵᠤᠬᠢᠶᠠᠵᠦ ᠨᠠᠢᠷᠠᠭᠤᠯᠤᠭᠳᠠᠵᠦ ᠪᠠᠢᠭᠰᠠᠨ ᠲᠡᠤᠭᠡᠨ ᠴᠠᠭ ᠦᠶ᠎ᠡ(17 ᠳ᠋ᠤᠭᠠᠷ ᠵᠠᠭᠤᠨ ᠤ ᠡᠬᠢᠨ ᠤ ᠬᠠᠭᠠᠰ ᠡᠴᠨ19 ᠳ᠋ᠤᠭᠡᠷ ᠵᠠᠭᠤᠨ ᠤ ᠰᠡᠬᠦᠯᠴᠢ ᠬᠦᠷᠳᠡᠯᠡᠬᠢ)᠋ ᠶᠢᠨ ᠲᠤᠮᠳᠠᠴᠢ ᠦᠶ᠎ᠡ ᠪᠠᠷ ᠵᠤᠬᠢᠶᠠᠭᠳᠠᠭᠰᠠᠨ ᠪᠤᠯᠬᠤᠷ ᠲᠡᠬᠦᠨ ᠡᠴᠡ ᠤᠷᠢᠳᠤᠬᠢ ᠪᠦᠳᠤᠭᠡᠯ ᠤᠳ ᠢ ᠯᠠᠪᠯᠠᠨ ᠠᠰᠢᠭᠯᠠᠭᠰᠠᠨ ᠨᠢ ᠲᠠᠮᠵᠢᠭ ᠦᠬᠡᠢ ᠪᠦᠭᠡᠳ ᠲᠡᠬᠦᠨ ᠡᠴᠨ ᠬᠤᠢᠨ᠎ᠠ ᠭᠠᠷᠤᠭᠰᠠᠠ ᠢᠵᠢᠯᠢ ᠲᠦᠷᠦᠯ ᠤᠨ ᠲᠤᠯᠢ ᠪᠢᠴᠢᠭ ᠤᠳ ᠲᠤ ᠬᠡᠪ ᠲᠦᠷᠢᠮ ᠪᠤᠯᠵᠦ᠂ ᠲᠡᠳᠡᠭᠡᠷ ᠤᠨ ᠨᠠᠢᠷᠠᠭᠤᠭᠯᠭ᠎ᠠ᠂ ᠤᠷᠴᠢᠭᠤᠯᠭ᠎ᠠ ᠶᠢᠨ ᠠᠵᠢᠯ ᠵᠢᠴᠢ ᠬᠡᠯᠡ ᠰᠢᠨᠵᠢᠯᠡᠯ ᠳᠤ ᠪᠦᠷ ᠴᠢᠬᠤᠯᠠ ᠦᠷ᠎ᠡ ᠨᠦᠯᠦᠭᠡ ᠦᠵᠡᠭᠦᠯᠵᠡᠢ᠃ ᠡᠨᠳᠡ ᠠᠭᠸᠠᠩᠳᠠᠨᠳᠠᠷ ᠤᠨ《 ᠰᠡᠷᠠᠨ ᠤ ᠭᠡᠷᠡᠯ》 ᠯᠤᠭᠡ ᠰᠤᠷᠪᠤᠯᠵᠢ ᠶᠢᠨ ᠬᠤᠯᠪᠤᠭᠳᠠᠯ ᠲᠠᠢ ᠪᠦᠭᠡᠳ ᠪᠦᠬᠦᠯᠢ ᠴᠠᠭ ᠦᠶ᠎ᠡ ᠶᠢᠨ ᠲᠦᠯᠦᠭᠡᠯᠡᠬᠦ ᠴᠢᠨᠡᠷᠳᠡᠢ ᠴᠢᠬᠤᠯᠠ ᠪᠦᠳᠤᠭᠡᠯ ᠪᠤᠯᠬᠤ ᠬᠡᠳᠤᠨ ᠲᠤᠯᠢ ᠪᠢᠴᠢᠭ ᠢ ᠲᠤᠪᠴᠢ ᠶᠠᠷᠢᠭᠠᠳ《 ᠰᠠᠷᠠᠨ ᠤ ᠭᠡᠷᠡᠯ》 ᠤᠨ ᠲᠡᠤᠭᠡᠨ ᠠᠴᠢ ᠬᠤᠯᠪᠤᠭᠳᠠᠯ ᠢ ᠭᠤᠤᠯᠴᠢᠯᠡᠨ ᠦᠬᠦᠯᠡᠪᠡ᠃
原文 查看原文
出自 中国蒙古学 2014年 第6期

联系我们


内蒙古大学图书馆
呼和浩特市大学西路235号
中国·内蒙古
P: (0471) 4992561
E: huangfeilong@imu.edu.cn