摘要 |
ᠦᠵᠦᠮᠦᠴᠢᠨ ᠬᠦᠩ ᠬᠦᠮᠪᠤᠵᠡᠪ ᠪᠤᠯ ᠮᠤᠩᠭᠤᠯ᠂ ᠲᠦᠪᠡᠳ᠂ ᠮᠠᠨᠵᠦ᠂ ᠬᠢᠳᠡᠳ ᠲᠦᠷᠪᠡᠨ ᠬᠡᠯᠡᠡ ᠳᠤ ᠨᠡᠪᠳᠡᠷᠡᠭᠰᠡᠨ ᠴᠢᠩ ᠤᠯᠤᠰ ᠤᠨ ᠦᠶ᠎ᠡ ᠶᠢᠨ ᠠᠯᠳᠠᠷᠳᠤ ᠮᠤᠩᠭᠤᠯ ᠡᠷᠳᠡᠮᠳᠡᠨ ᠪᠤᠯᠤᠨ᠎ᠠ᠃ ᠡᠨᠡ ᠡᠷᠳᠡᠮᠳᠡᠨ ᠤ ᠲᠦᠷᠦᠵᠦ ᠮᠠᠨᠳᠤᠯᠡᠭᠰᠡᠨ ᠪᠠ ᠨᠠᠰᠤ ᠨᠦᠭᠴᠢᠭᠰᠡᠨ ᠪᠤᠳᠡᠳᠡᠢ ᠤᠨ ᠵᠢᠯ ᠢ ᠦᠨᠡᠨ ᠮᠠᠭᠠᠳᠯᠠᠬᠤ ᠲᠤᠯᠭᠤᠷ ᠮᠠᠲ᠋ᠸᠷᠢᠶᠠᠯ ᠬᠠᠷᠠᠬᠠᠨ ᠤᠯᠳᠠᠭᠠᠳᠤᠢ ᠪᠠᠢᠭᠰᠠᠨ ᠴᠦ ᠤᠯᠤᠰ ᠲᠤᠷ ᠲᠤᠰᠠᠯᠠᠭᠴᠢ ᠬᠦᠩ ᠭᠡᠷᠭᠡᠮ ᠵᠠᠯᠭᠠᠮᠵᠢᠯᠠᠭᠰᠠᠨ ᠴᠠᠭ(1692) ᠪᠡ ᠵᠠᠷᠢᠮ ᠵᠤᠬᠢᠶᠠᠯ ᠪᠦᠳᠤᠭᠡᠯ《ᠭᠠᠩᠭ᠍ᠠ ᠶᠢᠨ ᠤᠷᠤᠰᠬᠠᠯ》(1725)᠂ 《 ᠵᠠᠨᠠᠭ ᠴᠤᠢᠵᠤᠩ》(1736)᠂《 ᠳ᠋ᠠᠠᠵᠤᠤᠷ》᠋ ᠢ ᠮᠤᠩᠭᠤᠯᠴᠢᠯᠠᠬᠤ ᠳᠤ ᠤᠷᠤᠯᠴᠠᠵᠦ ᠪᠠᠢᠭᠰᠠᠨ ᠴᠠᠭ(1748) ᠬᠤᠭᠤᠴᠠᠭ᠎ᠠ ᠪᠠᠷ ᠲᠡᠬᠦᠨ ᠤ ᠠᠮᠢᠳᠤᠷᠠᠵᠦ ᠪᠠᠢᠭᠰᠠᠨ ᠴᠠᠭ ᠦᠶ᠎ᠠ ᠵᠢ ᠮᠠᠭᠠᠳᠯᠠᠪᠠᠯ᠂ ᠪᠠᠷᠤᠭ 17 ᠳ᠋ᠤᠭᠠᠷ ᠵᠠᠭᠤᠨ ᠤ ᠲᠠᠯᠠᠭᠠᠳ ᠤᠨ ᠤ ᠰᠡᠬᠦᠯᠴᠢ ᠡᠴᠨ 18 ᠳ᠋ᠤᠭᠠᠷ ᠵᠠᠭᠤᠨ ᠤ ᠲᠠᠪᠢᠭᠠᠳ ᠤᠨ ᠡᠴᠨ ᠡᠮᠦᠨ᠎ᠠ ᠦᠶ᠎ᠠ ᠪᠠᠷ ᠠᠮᠢᠳᠤᠷᠠᠵᠦ ᠪᠠᠢᠭᠰᠠᠨ ᠭᠡᠳᠡᠭ ᠢ ᠮᠡᠳᠡᠵᠦ ᠪᠤᠯᠤᠨ᠎ᠠ᠃ ᠡᠢᠨ ᠬᠦ ᠲᠡᠷᠡ ᠪᠠᠷ ᠴᠢᠩ ᠤᠯᠤᠰ ᠤᠨ ᠡᠩᠭᠡ ᠠᠮᠤᠭᠤᠯᠠᠩ ᠬᠠᠭᠠᠨ᠂ ᠨᠠᠢᠷᠠᠯᠳᠤ ᠲᠦᠪ ᠬᠠᠭᠠᠨ᠂ ᠲᠡᠭᠷᠢ ᠶᠢᠨ ᠳᠡᠳᠬᠦᠭᠰᠡᠨ ᠬᠠᠭᠠᠨ ᠵᠠᠷᠭᠡ ᠭᠤᠷᠪᠠᠨ ᠬᠠᠭᠠᠨ ᠤ ᠴᠠᠭ ᠦᠶ᠎ᠠ ᠵᠢ ᠦᠩᠭᠡᠷᠡᠬᠦᠯᠦᠭᠰᠡᠨ ᠠᠯᠳᠠᠷᠳᠤ ᠮᠤᠩᠭᠤᠯ ᠰᠤᠳᠤᠯᠭᠠᠳᠠᠨ ᠪᠠᠢᠵᠡᠢ᠃ |