摘要 |
ᠲᠤᠮ ᠰᠢᠪᠰᠢᠯᠭᠡ ᠪᠤᠯ ᠪᠠᠯᠠᠷᠯᠢᠭ ᠱᠠᠰᠢᠨ ᠰᠤᠷᠲᠠᠬᠤᠨ᠂ ᠵᠠᠩ ᠦᠢᠯᠡ᠂ ᠤᠳᠬ ᠠ ᠤᠷᠠᠯᠢᠭ᠂ ᠡᠮ ᠡᠮᠨᠡᠯᠭᠡ ᠵᠢ ᠪᠠᠭᠲᠠᠭᠠᠭᠰᠠᠨ ᠶᠡᠷᠦᠩᠬᠡᠢ ᠨᠡᠢᠯᠡᠯᠭᠡ ᠰᠠᠢᠨᠵᠢᠲᠡᠢ ᠦᠢᠯᠠ ᠠᠵᠢᠯᠯᠠᠭ᠎ᠠ ᠪᠤᠶᠤ ᠰᠣᠶᠣᠯ ᠤᠬᠠᠮᠰᠠᠷ ᠤᠨ ᠦᠵᠡᠭᠳᠡᠯ ᠮᠦᠨ᠃ ᠲᠡᠷᠡ ᠪᠤᠯ ᠪᠤᠳᠠᠳᠤ ᠬᠡᠷᠡᠭᠴᠡᠭᠡᠨ ᠤ ᠲᠦᠷᠦᠳᠡᠰᠦ᠂ ᠢᠲᠡᠭᠡᠨ ᠪᠢᠰᠢᠷᠡᠯ ᠤᠨ ᠪᠦᠲᠦᠭᠡᠭᠳᠡᠬᠦᠨ ᠪᠦᠭᠡᠳ ᠵᠠᠩ ᠦᠢᠯᠡ ᠶᠢᠨ ᠨᠢᠭᠡᠨ ᠬᠡᠰᠡᠭ ᠪᠤᠯᠤᠨ᠎ᠠ᠃ ᠲᠡᠭᠦᠨ ᠳ᠋ᠤ ᠪᠠᠰᠠ ᠪᠠᠯᠠᠷ ᠬᠦᠮᠦᠰ ᠤᠨ ᠭᠤᠤ ᠠ ᠰᠠᠢᠬᠠᠨ ᠤ ᠤᠬᠠᠮᠰᠠᠷ ᠪᠠ ᠤᠷᠠᠯᠢᠭ ᠤᠨ ᠲᠠᠭᠠᠰᠢᠶᠠᠯ ᠤᠷᠤᠭᠰᠠᠨ ᠢᠢᠡᠷ ᠢᠢᠡᠨ ᠲᠡᠷᠡ ᠨᠢ ᠪᠠᠰᠠ ᠴᠦ ᠤᠷᠠᠨ ᠪᠦᠲᠦᠭᠡᠯ ᠮᠦᠨ᠃ ᠰᠢᠨᠵᠢᠯᠡᠭᠡᠨ ᠤ ᠬᠤᠪᠢ ᠳ᠋ᠤ ᠤᠭᠰᠠᠭᠠᠲᠠᠨ ᠵᠦᠢ᠂ ᠱᠠᠰᠢᠨ ᠤ ᠤᠬᠠᠭᠠᠨ᠂ ᠵᠠᠩ ᠦᠢᠯᠡ ᠵᠦᠢ ᠪᠠ ᠤᠷᠠᠯᠢᠭ ᠵᠦᠢ᠂ ᠠᠨᠠᠭᠠᠬᠤ ᠤᠬᠠᠭᠠᠨ ᠵᠡᠷᠭᠡ ᠳ᠋ᠤ ᠲᠤᠰ ᠲᠤᠰ ᠬᠠᠮᠤᠷᠤᠭᠳᠠᠨ ᠰᠣᠳᠤᠯᠤᠭᠳᠠᠨᠠ᠃ ᠡᠷᠲᠡᠨ ᠤ ᠮᠣᠩᠭᠤᠯᠴᠤᠳ ᠲᠤ ᠠᠪᠴᠤ ᠬᠡᠯᠡᠪᠡᠯ ᠲᠤᠮ ᠰᠢᠪᠰᠢᠯᠭᠡ ᠪᠤᠯ ᠨᠢᠭ ᠡᠵᠦᠢᠯ ᠤᠨ ᠡᠪᠡᠳᠴᠢᠨ ᠵᠠᠰᠠᠬᠤ ᠣᠨᠴᠠᠭᠠᠢ ᠵᠤᠷ ᠪᠤᠯᠤᠨ᠎ᠠ᠃ |