摘要 |
ᠰ᠂ ᠪᠤᠶᠠᠨᠨᠡᠮᠡᠬᠦ ᠪᠤᠯ ᠮᠤᠨᠭᠭᠤᠯ ᠤᠨ ᠤᠷᠴᠢᠨ ᠦᠶ᠎ᠡ ᠶᠢᠨ ᠵᠦᠴᠦᠭᠡ ᠶᠢᠨ ᠤᠤᠭᠠᠨ ᠵᠤᠬᠢᠶᠠᠯᠴᠢ ᠪᠠᠷ ᠪᠠᠷᠠᠬᠤ ᠦᠭᠡᠢ ᠠᠩ᠋ᠬᠠᠨ ᠤ ᠵᠦᠴᠦᠭᠡ ᠶᠢᠨ ᠤᠨᠤᠯᠴᠢ ᠮᠦᠨ᠃ ᠲᠡᠷᠡ ᠪᠡᠷ 《ᠤᠷᠠᠨ ᠵᠤᠬᠢᠶᠠᠯ ᠢ ᠬᠡᠷᠬᠢᠨ ᠵᠤᠬᠢᠶᠠᠬᠤ ᠰᠡᠳᠦᠪ》᠂ 《ᠲᠢᠶᠠᠲ᠋ᠷ ᠤᠨ ᠤᠷᠠᠨ ᠰᠠᠶᠢᠬᠠᠨ ᠤ ᠲᠤᠬᠠᠢ》᠂ 《ᠤᠳᠬ᠎ᠠ ᠵᠤᠬᠢᠶᠠᠯ ᠤᠨ ᠡᠭᠦᠳᠡ》᠂ 《ᠲᠤᠰ ᠤᠯᠤᠰ ᠤᠨ 15 ᠵᠢᠯ ᠦᠨ ᠤᠢ ᠪᠠ ᠦᠨᠳᠦᠰᠦᠲᠡᠨ ᠦ ᠤᠷᠠᠨ ᠰᠠᠶᠢᠬᠠᠨ ᠤ 15 ᠵᠢᠯ ᠦᠨ ᠬᠦᠭ᠍ᠵᠢᠯ》ᠵᠡᠷᠭᠡ ᠲᠤᠰᠬᠠᠢ ᠦᠭᠦᠯᠡᠯ ᠵᠤᠬᠢᠶᠠᠯ ᠪᠢᠴᠢᠵᠦ ᠵᠦᠴᠦᠭᠡ ᠶᠢᠨ ᠵᠤᠬᠢᠶᠠᠯ ᠤᠨ ᠦᠢᠯᠡᠳᠦᠯ᠂ ᠤᠳᠬ᠎ᠠ ᠰᠡᠳᠦᠪ᠂ ᠲᠦᠷᠦᠯ ᠵᠤᠶᠢᠯ᠂ ᠲᠤᠭᠤᠷᠪᠢᠬᠤ ᠠᠷᠭ᠎ᠠ ᠵᠡᠷᠭᠡ ᠤᠨᠤᠯ ᠤᠨ ᠦᠨᠳᠦᠰᠦᠨ ᠠᠰᠠᠭᠤᠳᠠᠯ ᠤᠳ ᠢ ᠬᠦᠨᠳᠡᠵᠦ ᠦᠭᠦᠯᠡᠭᠰᠡᠨ ᠪᠠᠶᠢᠨ᠎ᠠ᠃ ᠲᠤᠰ ᠦᠭᠦᠯᠡᠯ ᠳᠦ ᠰ᠂ ᠪᠤᠶᠠᠨᠨᠡᠮᠡᠬᠦ ᠶᠢᠨ ᠵᠦᠴᠦᠭᠡ ᠶᠢᠨ ᠲᠤᠬᠠᠢ ᠤᠨᠤᠯ ᠦᠵᠡᠯᠲᠡ ᠶᠢ ᠵᠦᠴᠦᠭᠡ ᠶᠢᠨ ᠦᠢᠯᠡᠳᠦᠯ ᠪᠡ ᠳᠠᠪᠠᠭᠤᠯᠢᠭ ᠲᠠᠯ᠎ᠠ᠂ ᠵᠤᠬᠢᠶᠠᠯ ᠤᠨ ᠪᠠᠭᠠᠲᠤᠷ ᠢ ᠭᠤᠤᠯ ᠪᠤᠯᠭᠠᠬᠤ ᠦᠵᠡᠯᠲᠡ᠂ ᠵᠢᠱᠢᠶᠡᠯᠡᠨ ᠦᠵᠡᠭᠦᠯᠬᠦ ᠴᠢᠨᠠᠷ᠂ ᠵᠦᠷᠢᠴᠡᠯ ᠮᠦᠷᠭᠦᠯᠳᠦᠭᠡᠨ ᠦ ᠲᠤᠬᠠᠢ᠂ ᠪᠦᠲᠦᠴᠡ ᠶᠢᠨ ᠲᠤᠬᠠᠢ᠂ ᠲᠦᠷᠦᠯ ᠠᠩ᠋ᠭᠢᠯᠠᠯ ᠤᠨ ᠲᠤᠬᠠᠢ᠂ ᠤᠯᠠᠮᠵᠢᠯᠠᠯ ᠰᠢᠨᠡᠴᠢᠯᠡᠯ ᠦᠨ ᠬᠠᠷᠢᠴᠠᠭᠠᠨ ᠤ ᠲᠤᠬᠠᠢ ᠵᠡᠷᠭᠡ ᠳᠤᠯᠤᠭᠠᠨ ᠲᠠᠯ᠎ᠠ ᠠᠴᠠ ᠵᠠᠳᠠᠯᠵᠤ ᠭᠠᠷᠭᠠᠵᠠᠢ᠃ |