摘要 |
ᠳ᠋᠂ ᠨᠠᠴᠤᠭᠳᠤᠷᠵᠢ᠂ ᠰ᠂ ᠪᠤᠶᠠᠨᠨᠡᠮᠡᠬᠦ ᠬᠤᠶᠠᠷ ᠮᠤᠨᠭᠭᠤᠯ ᠤᠨ ᠦᠨᠳᠦᠰᠦᠲᠡᠨ ᠦ ᠬᠤᠪᠢᠰᠬᠠᠯᠲᠤ ᠤᠷᠠᠨ ᠵᠤᠬᠢᠶᠠᠯᠴᠢᠳ ᠤᠨ ᠲᠤᠯᠤᠭᠠᠶᠢᠯᠠᠭᠴᠢ ᠪᠤᠯᠤᠭᠰᠠᠨ ᠤ ᠬᠤᠪᠢ ᠳᠤ ᠠᠳᠠᠯᠢ ᠰᠡᠳᠦᠪᠲᠦ ᠤᠯᠠᠨ ᠵᠤᠬᠦᠢᠶᠠᠯ ᠪᠢᠴᠢᠵᠦ ᠦᠩᠭᠡᠷᠡᠭᠰᠡᠨ ᠪᠢᠯᠡ᠃ ᠮᠤᠨᠭᠭᠤᠯ ᠤᠨ ᠤᠷᠴᠢᠨ ᠦᠶ᠎ᠡ ᠶᠢᠨ ᠤᠷᠠᠨ ᠵᠤᠬᠢᠶᠠᠯ ᠤᠨ ᠲᠡᠦᠬᠡᠨ ᠳᠡᠭᠡᠷᠡᠬᠢ ᠠᠩ᠋ᠬᠠᠨ ᠤ ᠵᠤᠬᠢᠶᠠᠯᠴᠢᠳ ᠤᠨ ᠠᠳᠠᠯᠢ ᠰᠡᠳᠦᠪᠲᠦ ᠵᠤᠬᠢᠶᠠᠯ ᠪᠦᠲᠦᠭᠡᠯ ᠦᠳ ᠢ ᠬᠤᠭᠤᠷᠤᠨᠳᠤ ᠨᠢ ᠬᠠᠷᠢᠴᠠᠭᠤᠯᠤᠨ ᠰᠤᠳᠤᠯᠬᠤ ᠨᠢ ᠮᠤᠨᠭᠭᠤᠯ ᠤᠨ ᠰᠢᠨ᠎ᠡ ᠤᠷᠠᠨ ᠵᠤᠬᠢᠶᠠᠯ ᠤᠨ ᠡᠭᠦᠰᠴᠦ ᠬᠦᠭ᠍ᠵᠢᠭᠰᠡᠨ ᠠᠷᠭ᠎ᠠ ᠵᠠᠮ ᠢ ᠲᠤᠳᠤᠷᠠᠭᠤᠯᠬᠤ ᠲᠠᠢ ᠬᠤᠯᠪᠤᠭᠳᠠᠬᠤ ᠠᠰᠠᠭᠤᠳᠠᠯ ᠲᠡᠳᠦᠢ ᠦᠭᠡᠢ᠂ ᠮᠦᠨ ᠪᠠᠰᠠ ᠬᠤᠪᠢᠰᠬᠠᠯ ᠤᠨ ᠳᠠᠷᠠᠭᠠᠬᠢ ᠮᠤᠨᠭᠭᠤᠯ ᠤᠨ ᠨᠡᠶᠢᠭᠡᠮ ᠦᠨ ᠦᠵᠡᠯ ᠰᠠᠨᠠᠭᠠᠨ ᠤ ᠬᠦᠭ᠍ᠵᠢᠯ ᠦᠨ ᠲᠡᠦᠬᠡ ᠲᠡᠢ ᠬᠤᠯᠪᠤᠭᠳᠠᠬᠤ ᠠᠰᠠᠭᠤᠳᠠᠯ ᠮᠦᠨ᠃ ᠡᠨᠡ ᠦᠴᠦᠬᠡᠨ ᠦᠭᠦᠯᠡᠯ ᠳᠡᠭᠡᠨ ᠪᠢ ᠳ᠋᠂ ᠨᠠᠴᠤᠭᠳᠤᠷᠵᠢ᠂ ᠰ᠂ ᠪᠤᠶᠠᠨᠨᠡᠮᠡᠬᠦ ᠬᠤᠶᠠᠷ ᠵᠤᠬᠢᠶᠠᠯᠴᠢ ᠶᠢᠨ ᠪᠢᠴᠢᠭᠰᠡᠨ ᠴᠠᠭᠠᠨ ᠰᠠᠷ᠎ᠠ ᠶᠢᠨ ᠰᠡᠳᠦᠪᠲᠦ ᠬᠤᠶᠠᠷ ᠵᠤᠬᠢᠶᠠᠯ ᠢ ᠬᠠᠷᠢᠴᠠᠭᠤᠯᠤᠨ ᠦᠭᠦᠯᠡᠬᠦ ᠪᠡᠷ ᠳᠠᠮᠵᠢᠭᠤᠯᠵᠤ᠂ ᠬᠤᠶᠠᠷ ᠵᠤᠬᠢᠶᠠᠯᠴᠢ ᠶᠢᠨ ᠠᠳᠠᠯᠢ ᠨᠢᠭᠡᠨ ᠰᠡᠳᠦᠪ ᠲᠦ ᠬᠠᠳᠤᠭᠰᠠᠨ ᠦᠵᠡᠯ ᠪᠤᠳᠤᠯ ᠪᠤᠯᠤᠨ ᠠᠷᠭ᠎ᠠ ᠪᠠᠷᠢᠯ ᠤᠨ ᠵᠦᠷᠢᠶ᠎ᠡ ᠶᠢ ᠲᠤᠳᠤᠷᠠᠭᠤᠯᠵᠤ᠂ ᠮᠤᠨᠭᠭᠤᠯ ᠤᠨ ᠤᠷᠴᠢᠨ ᠦᠶ᠎ᠡ ᠶᠢᠨ ᠤᠷᠠᠨ ᠵᠤᠬᠢᠶᠠᠯ ᠤᠨ ᠬᠦᠭ᠍ᠵᠢᠯ ᠦᠨ ᠤᠨᠴᠠᠯᠢᠭ ᠢ ᠮᠦᠷᠳᠡᠨ ᠰᠢᠨᠵᠢᠯᠡᠭᠰᠡᠨ ᠪᠠᠶᠢᠨ᠎ᠠ᠃ |