摘要 |
ᠠᠯᠳᠠᠢ ᠢᠵᠠᠭᠤᠷ ᠬᠡᠯᠡᠨ ᠦ ᠬᠠᠷᠢᠴᠠᠭᠤᠯᠤᠭᠰᠠᠨ ᠰᠤᠳᠤᠯᠭᠠᠨ ᠤ ᠶᠠᠪᠤᠴᠠ ᠳᠤ ᠮᠣᠩ᠋ᠭᠤᠯ ᠲᠦᠷᠦᠯ ᠬᠡᠯᠡ᠂ ᠲᠦᠷᠦᠭ ᠬᠡᠯᠡ᠂ ᠮᠠᠨᠵᠤ — ᠲᠦᠩᠭᠦᠰ ᠲᠦᠷᠦᠯ ᠬᠡᠯᠡ ᠨᠦᠬᠦᠳ ᠦᠨ ᠬᠤᠭᠤᠷᠤᠨᠳᠤᠬᠢ ᠠᠳᠠᠯᠢᠪᠲᠤᠷ ᠦᠭᠡᠰ ᠨᠢ ᠴᠤᠬᠤᠮ ᠬᠡᠨ ᠠᠯᠢᠨ ᠠᠴᠠ ᠪᠠᠨ ᠵᠢᠭᠡᠯᠡᠭᠰᠡᠨ ᠵᠤᠢ᠌ᠯ ᠶᠤᠮ ᠤᠤ᠂ ᠡᠰᠡᠭᠦᠯ᠎ᠡ ᠢᠵᠢᠯᠢ ᠭᠠᠷᠤᠯ ᠲᠠᠢ ᠵᠤᠢ᠌ᠯ ᠪᠤᠯᠬᠤ ᠶᠤᠮ ᠤᠤ ᠭᠡᠳᠡᠭ ᠠᠰᠠᠭᠤᠳᠠᠯ ᠤᠨ ᠲᠤᠬᠠᠢ ᠰᠤᠳᠤᠯᠤᠭᠰᠠᠭᠠᠷ ᠢᠷᠡᠵᠡᠢ᠃ ᠦᠭᠦᠯᠡᠯ ᠳᠦ ᠠᠯᠳᠠᠢ ᠢᠵᠠᠭᠤᠷ ᠬᠡᠯᠡᠨ ᠦ ᠠᠳᠠᠯᠢ ᠢᠵᠠᠭᠤᠷᠲᠤ ᠲᠦᠷᠦᠯ ᠦᠭᠡᠰ ᠢ ᠰᠢᠰᠲ᠋ᠡᠮᠵᠢᠭᠦᠯᠦᠨ ᠰᠤᠳᠤᠯᠬᠤ ᠶᠢᠨ ᠡᠭᠦᠳᠡᠨ ᠡᠴᠡ keseg ᠭᠡᠳᠡᠭ ᠦᠭᠡ ᠶᠢᠨ ᠭᠠᠷᠤᠯ ᠡᠭᠦᠰᠦᠯ ᠢ ᠮᠣᠩ᠋ᠭᠤᠯ ᠲᠦᠷᠦᠯ ᠬᠡᠯᠡ᠂ ᠲᠦᠷᠦᠭ ᠲᠦᠷᠦᠯ ᠬᠡᠯᠡ᠂ ᠮᠠᠨᠵᠤ — ᠲᠦᠩᠭᠦᠰ ᠲᠦᠷᠦᠯ ᠬᠡᠯᠡᠨ ᠦ ᠬᠤᠪᠢ ᠳᠤ ᠤᠳᠬ᠎ᠠ᠂ ᠪᠦᠲᠦᠴᠡ ᠶᠢᠨ ᠲᠠᠯ᠎ᠠ ᠪᠠᠷ ᠬᠠᠷᠢᠴᠠᠭᠤᠯᠤᠨ ᠰᠢᠨᠵᠢᠯᠡᠭᠡᠳ᠂ ᠲᠤᠰ ᠦᠭᠡ ᠶᠢ ᠠᠯᠳᠠᠢ ᠢᠵᠠᠭᠤᠷ ᠬᠡᠯᠡᠨ ᠦ ᠨᠡᠢ᠌ᠲᠡ ᠳᠤᠮᠳᠠ ᠶᠢ ᠦᠭᠡ ᠪᠤᠯᠤᠨ᠎ᠠ ᠭᠡᠰᠡᠨ ᠦᠵᠡᠯᠲᠡ ᠶᠢ ᠳᠤᠷᠠᠳᠴᠠᠢ᠃ |