题名 |
ᠲᠤᠭᠠᠨ ᠤ ᠤᠬᠠᠭᠠᠨ ᠤ ᠵᠢᠭᠠᠨ ᠰᠤᠷᠭᠠᠯᠲᠠ ᠶᠢᠨ ᠶᠠᠪᠤᠴᠠ ᠳᠤ ᠲᠤᠭᠠᠨ ᠤ ᠤᠬᠠᠭᠠᠨ ᠤ ᠲᠡᠦᠬᠡ ᠶᠢ ᠠᠭᠤᠰᠬᠠᠬᠤ ᠵᠢᠭᠠᠬᠤ ᠠᠷᠭ᠎ᠠ ᠶᠢᠨ ᠲᠤᠬᠠᠢ ᠰᠢᠨᠵᠢᠯᠡᠯ |
作者 |
ᠪᠢᠨ ᠪᠢᠨ |
关键词 |
ᠲᠤᠭᠠᠨ ᠤ ᠤᠠᠬᠭᠠᠨ ᠤ ᠵᠢᠭᠠᠨ ᠰᠤᠷᠭᠠᠯᠲᠠ; ᠲᠤᠭᠠᠨ ᠤ ᠤᠬᠠᠭᠠᠨ ᠤ ᠲᠡᠦᠬᠡ; ᠵᠢᠭᠠᠨ ᠰᠤᠷᠭᠠᠬᠤ ᠠᠷᠭ᠎ᠠ ᠪᠠᠷᠢᠯ |
摘要 |
ᠤᠯᠠᠮᠵᠢᠯᠠᠯᠲᠤ ᠵᠢᠭᠠᠨ ᠰᠤᠷᠭᠠᠯᠲᠠ ᠨᠢ ᠲᠤᠭᠠᠨ ᠤ ᠤᠠᠬᠭᠠᠨ ᠤ ᠵᠢᠭᠠᠨ ᠰᠤᠷᠭᠠᠯᠲᠠ ᠶᠢᠨ ᠦᠷ᠎ᠡ ᠳ᠋ᠦᠩ ᠢ ᠦᠷᠦᠭᠡᠰᠦᠭᠡᠯ ᠢᠶᠡᠷ ᠬᠦᠭᠡᠭᠡᠴᠡᠯᠳᠦᠵᠦ᠂ ᠲᠤᠭᠠᠨ ᠤ ᠤᠠᠬᠭᠠᠨ ᠤ ᠮᠡᠳᠡᠯᠭᠡ ᠵᠢᠴᠢ ᠦᠵᠡᠯ ᠰᠠᠨᠠᠭᠠᠨ ᠤ ᠤᠯᠠᠷᠢᠨ ᠬᠤᠪᠢᠰᠬᠤ ᠶᠠᠪᠤᠴᠠ ᠶᠢ ᠤᠮᠳᠤᠭᠠᠢ᠌ᠯᠠᠳᠠᠭ᠃ ᠡᠨᠡ ᠨᠢ ᠰᠤᠷᠤᠭᠴᠢᠳ ᠤᠨ ᠲᠤᠭᠠᠨ ᠤ ᠤᠬᠠᠭᠠᠨ ᠤ ᠤᠷ᠎ᠠ ᠴᠢᠳᠠᠪᠤᠷᠢ᠂ ᠳᠠᠳᠤᠯᠭ᠎ᠠ ᠶᠢ ᠬᠦᠮᠦᠵᠢᠭᠦᠯᠬᠦ ᠳᠦ ᠠᠰᠢᠭ ᠦᠭᠡᠢ ᠶᠤᠮ᠃ ᠲᠤᠭᠠᠨ ᠤ ᠤᠬᠠᠭᠠᠨ ᠤ ᠵᠢᠭᠠᠨ ᠰᠤᠷᠭᠠᠯᠲᠠ ᠳᠤ ᠲᠤᠭᠠᠨ ᠤ ᠤᠬᠠᠭᠠᠨ ᠤ ᠲᠡᠦᠬᠡ ᠶᠢᠨ ᠮᠡᠳᠡᠯᠭᠡ ᠶᠢ ᠪᠦᠲᠦᠮᠵᠢᠲᠡᠢ ᠠᠰᠢᠭᠯᠠᠨ᠂ ᠲᠤᠭᠠᠨ ᠤ ᠮᠡᠳᠡᠯᠭᠡ ᠶᠢᠨ ᠬᠦᠭ᠍ᠵᠢᠯᠲᠡ ᠶᠢᠨ ᠶᠠᠪᠤᠴᠠ ᠶᠢ ᠮᠦᠷᠳᠡᠨ ᠰᠦᠪᠡᠭ᠍ᠴᠢᠯᠡᠵᠦ᠂ ᠲᠤᠭᠠᠨ ᠤ ᠤᠬᠠᠭᠠᠨᠲᠠᠳ ᠶᠠᠭᠠᠬᠢᠵᠤ ᠰᠡᠩᠬᠡᠷᠡᠭᠦᠯᠦᠯ ᠣᠯᠵᠤ᠂ ᠠᠪᠤᠷᠭᠤ ᠦᠷ᠎ᠡ ᠳ᠋ᠦᠩ ᠣᠯᠣᠭᠰᠠᠨ ᠢ ᠰᠤᠷᠤᠭᠴᠢᠳ ᠤᠨ ᠪᠠᠢ᠌ᠳᠠᠯ ᠳᠤ ᠲᠤᠬᠢᠷᠠᠭᠤᠯᠤᠨ᠂ ᠵᠢᠭᠠᠨ ᠰᠤᠷᠭᠠᠯᠲᠠ ᠶᠢᠨ ᠪᠤᠳᠠᠲᠠᠢ ᠠᠴᠠ ᠡᠭᠦᠰᠴᠦ ᠰᠢᠨᠵᠢᠯᠡᠨ ᠰᠤᠳᠤᠯᠪᠠᠯ ᠰᠤᠷᠤᠭᠴᠳ ᠤᠨ ᠲᠤᠭᠠᠨ ᠤ ᠤᠠᠬᠭᠠᠨ ᠤ ᠴᠢᠳᠠᠪᠤᠷᠢ ᠪᠠ ᠳᠠᠳᠤᠯᠭ᠎ᠠ ᠵᠢᠴᠢ ᠤᠶᠤᠨ ᠤᠬᠠᠭᠠᠨ ᠢ ᠬᠦᠮᠦᠵᠢᠭᠦᠯᠬᠦ ᠳᠦ ᠠᠰᠢᠭ ᠲᠠᠢ ᠪᠠᠢ᠌ᠳᠠᠭ᠃ ᠵᠤᠬᠢᠶᠠᠯ ᠳᠤ ᠲᠤᠭᠠᠨ ᠤ ᠤᠬᠠᠭᠠᠨ ᠤ ᠲᠡᠦᠬᠡ ᠶᠢᠨ ᠵᠢᠭᠠᠨ ᠰᠤᠷᠭᠠᠯᠲᠠ ᠶᠢᠨ ᠦᠨ᠎ᠡ ᠦᠷᠲᠡᠭ ᠢ ᠦᠨᠡᠯᠡᠭᠰᠡᠨ ᠰᠠᠭᠤᠷᠢᠨ ᠳᠡᠭᠡᠷ᠎ᠡ ᠲᠤᠭᠠᠨ ᠤ ᠤᠠᠬᠭᠠᠨ ᠤ ᠵᠢᠭᠠᠨ ᠰᠤᠷᠭᠠᠯᠲᠠ ᠶᠢᠨ ᠶᠠᠪᠤᠴᠠ ᠳᠤ ᠲᠤᠭᠠᠨ ᠤ ᠤᠬᠠᠭᠠᠨ ᠤ ᠲᠡᠦᠬᠡ ᠶᠢ ᠪᠦᠲᠦᠮᠵᠢᠲᠡᠢ ᠠᠰᠢᠭᠯᠠᠬᠤ ᠲᠤᠬᠠᠢ ᠦᠪᠡᠷ ᠦᠨ ᠦᠵᠡᠯᠲᠡ ᠪᠡᠨ ᠦᠭᠦᠯᠡᠪᠡ᠃ |
原文 |
查看原文
|
出自 |
内蒙古民族大学学报(自然科学)
2013年
第1期
|