摘要 |
ᠲᠤᠰ ᠦᠭᠦᠯᠡᠯ ᠳᠤ《ᠠᠯᠠᠱᠠᠨ ᠬᠤᠰᠢᠭᠤᠨ ᠤ ᠮᠣᠩᠭ᠋ᠤᠯ ᠴᠠᠭᠠᠵᠠ ᠵᠢᠨ ᠪᠢᠴᠢᠭ᠌》 ᠤᠨ ᠪᠣᠢ ᠪᠣᠯᠤᠭᠰᠠᠨ ᠲᠡᠦᠬᠡᠨ ᠠᠬᠤᠢ ᠪᠠᠶᠢᠳᠠᠯ ᠢ ᠳᠦᠭᠦᠮ ᠢ ᠲᠣᠭᠠᠴᠢᠵᠤ᠂ ᠲᠤᠰᠬᠠᠢ ᠬᠠᠤᠯᠢ 21 ᠵᠦᠢᠯ᠂ ᠴᠢᠩ ᠸᠠᠩ ᠤᠨ ᠵᠠᠷᠯᠢᠭ 44᠂ ᠠᠷᠠᠳ ᠤᠨ ᠵᠠᠷᠭᠤ ᠵᠢᠱᠢᠶ ᠡ 95 ᠋ᠳ᠋ᠡᠬᠢ ᠢᠷᠭᠡᠨ ᠤ ᠬᠠᠤᠯᠢ ᠳᠦᠷᠢᠮ᠂ ᠡᠷᠡᠭᠦᠦ ᠵᠢᠨ ᠬᠠᠤᠯᠢ ᠳᠦᠷᠢᠮ᠂ ᠠᠮᠢ ᠠᠬᠤᠢ ᠵᠢᠨ ᠬᠠᠮᠠᠭᠠᠯᠠᠯᠲᠠ ᠵᠢᠨ ᠳᠦᠷᠢᠮ᠂ ᠵᠠᠰᠠᠭ ᠵᠠᠬᠢᠷᠭᠠᠨ ᠤ ᠳᠦᠷᠢᠮ ᠳᠤ ᠵᠠᠳᠠᠯᠤᠯᠲᠠ ᠬᠢᠭ᠍ᠰᠡᠨ ᠪᠠᠶᠢᠨ᠌ ᠠ᠃ ᠲᠤᠰ ᠴᠠᠭᠠᠵᠠ ᠵᠢᠨ ᠪᠢᠴᠢᠭ᠌ ᠬᠡᠳᠦᠢ ᠪᠡᠷ ᠣᠷᠤᠨ ᠨᠤᠲᠤᠭ ᠤᠨ ᠴᠠᠭᠠᠵᠠ ᠪᠣᠯᠬᠤ ᠪᠣᠯᠪᠠᠴᠤ᠂ ᠲᠡᠭᠦᠨ ᠵᠢᠡᠷ ᠳᠠᠮᠵᠢᠨ ᠠᠯᠠᠱᠠᠨ ᠮᠣᠩᠭ᠋ᠤᠯ ᠤᠨ ᠨᠡᠶᠢᠭᠡᠮ᠂ ᠤᠯᠤᠰ ᠲᠦᠷᠦ᠂ ᠠᠵᠤ ᠠᠬᠤᠢ᠂ ᠠᠷᠠᠯᠵᠢᠶ ᠠ ᠬᠤᠳᠠᠯᠳᠤᠭ᠋ ᠠ ᠵᠢᠴᠢ ᠠᠷᠠᠳ ᠤᠨ ᠵᠠᠩ ᠰᠤᠷᠲᠠᠬᠤᠨ ᠤ ᠶᠡᠷᠦᠩᠬᠡᠢ ᠪᠠᠶᠢᠳᠠᠯ ᠢ ᠣᠶᠢᠯᠭᠠᠵᠤ ᠪᠣᠯᠬᠤ ᠶᠤᠮ᠃ |