论文信息


题名 ᠦᠢᠯᠡ ᠬᠡᠷᠡᠭ ᠦᠨ ᠬᠤᠯᠪᠤᠭᠳᠠᠬᠤ ᠰᠢᠨᠵᠢ ᠬᠢᠭᠡᠳ ᠨᠦᠬᠦᠴᠡᠯ ᠦᠢᠯᠡ ᠶᠢᠨ ᠬᠡᠯᠪᠡᠷᠢ ᠶᠢᠨ ᠴᠢᠳᠠᠮᠵᠢ
作者 ᠯ‍᠂ ᠲᠤᠭᠲᠠᠮᠪᠠᠶᠠᠷ
关键词 ᠴᠠᠭ ᠤᠨ ᠳᠡᠰ ᠳᠠᠷᠠᠭᠠᠯᠠᠯ ᠤᠨ ᠵᠠᠷᠴᠢᠮ; ᠦᠢᠯᠡ ᠬᠡᠷᠡᠭ ᠦᠨ ᠬᠤᠯᠪᠤᠭᠳᠠᠬᠤ ᠰᠢᠨᠵᠢ; ᠨᠦᠬᠦᠴᠡᠯ ᠦᠢᠯᠡ ᠶᠢᠨ ᠬᠡᠯᠪᠡᠷᠢ ᠶᠢᠨ ᠤᠳᠬ᠎ᠠ ᠪᠠ ᠬᠡᠷᠡᠭᠯᠡᠭᠡᠨ ᠦ ᠴᠢᠳᠠᠮᠵᠢ
摘要 ᠦᠭᠦᠯᠡᠯ ᠳᠦ ᠲᠠᠨᠢᠨ ᠮᠡᠳᠡᠭᠦᠢ ᠶᠢᠨ ᠲᠠᠯ᠎ᠠ ᠠᠴᠠ ᠮᠣᠩ᠋ᠭᠤᠯ ᠬᠡᠯᠡᠨ ᠦ ᠨᠦᠬᠦᠴᠡᠯ ᠦᠢᠯᠡ ᠶᠢᠨ ᠬᠡᠯᠪᠡᠷᠢ ᠶᠢᠨ ᠤᠳᠬ᠎ᠠ ᠪᠠ ᠬᠡᠷᠡᠭᠯᠡᠭᠡᠨ ᠦ ᠴᠢᠳᠠᠮᠵᠢ᠂ ᠲᠡᠭᠦᠨ ᠦ ᠪᠦᠷᠢᠯᠳᠦᠵᠦ ᠬᠦᠭ᠍ᠵᠢᠭᠰᠡᠨ ᠶᠠᠤᠴᠠ ᠶᠢ ᠰᠢᠨᠵᠢᠯᠡᠵᠡᠢ᠃ ᠰᠢᠨᠵᠢᠯᠡᠭᠡᠨ ᠦ ᠳ᠋ᠦᠩ ᠳᠦ ᠂ ᠮᠣᠩ᠋ᠭᠤᠯ ᠬᠡᠯᠡᠨ ᠦ ᠨᠦᠬᠦᠴᠡᠯ ᠦᠢᠯᠡ ᠶᠢᠨ ᠬᠡᠯᠪᠡᠷᠢ ᠨᠢ ᠦᠢᠯᠡ ᠬᠡᠷᠡᠭ ᠦᠨ ᠴᠠᠭ ᠤᠨ ᠳᠡᠰ ᠳᠠᠷᠠᠭᠠᠯᠠᠯ ᠤᠨ ᠵᠠᠷᠴᠢᠮ ᠬᠢᠭᠡᠳ ᠦᠢᠯᠡ ᠬᠡᠷᠡᠭ ᠦᠨ ᠬᠤᠯᠪᠤᠭᠳᠠᠬᠤ ᠰᠢᠨᠵᠢ ᠶᠢ ᠦᠨᠳᠦᠰᠦᠯᠡᠵᠦ᠂ ᠠᠳᠠᠯᠢ ᠪᠤᠰᠤ ᠦᠢᠯᠡ ᠬᠡᠷᠡᠭ ᠢ ᠶᠠᠩᠵᠤ ᠪᠦᠷᠢ ᠶᠢᠨ ᠤᠳᠬ᠎ᠠ ᠶᠢᠨ ᠬᠠᠷᠢᠴᠠᠭ᠎ᠠ ᠲᠠᠢ ᠪᠠᠷ ᠤᠭᠰᠠᠷᠠᠭᠤᠯᠤᠨ ᠬᠤᠯᠪᠤᠬᠤ ᠪᠤᠶᠤ ᠨᠦᠬᠦᠴᠡᠯᠳᠦᠭᠦᠯᠦᠨ ᠬᠤᠯᠪᠤᠵᠤ᠂ ᠬᠡᠯᠡᠨ ᠳᠦ ᠨᠡᠢ᠌ᠯᠡᠮᠡᠯ ᠦᠭᠦᠯᠡᠪᠦᠷᠢ ᠶᠢᠨ ᠪᠦᠲᠦᠴᠡ ᠪᠤᠶᠤ ᠣᠯᠠᠨ ᠦᠢᠯᠡᠳᠦ ᠦᠭᠦᠯᠡᠭᠦᠨ ᠦ ᠪᠦᠲᠦᠴᠡ ᠶᠢ ᠡᠭᠦᠰᠭᠡᠵᠦ ᠪᠠᠢ᠌ᠳᠠᠭ᠃ ᠬᠦᠮᠦᠨ ᠦ ᠡᠩ ᠦᠨ ᠲᠠᠨᠢᠨ ᠮᠡᠳᠡᠭᠦᠢ ᠶᠢᠨ ᠬᠦᠭ᠍ᠵᠢᠯ ᠦᠨ ᠬᠡᠯᠪᠡᠷᠢ ᠶᠢ ᠦᠨᠳᠦᠰᠦᠯᠡᠪᠡᠯ᠂ ᠨᠦᠬᠦᠴᠡᠯ ᠦᠢᠯᠡ ᠶᠢᠨ ᠬᠡᠯᠪᠡᠷᠢ ᠨᠢ ᠬᠡᠯᠡᠨ ᠦ ᠲᠡᠦᠬᠡ ᠳᠦ ᠨᠡᠯᠢᠶᠡᠳ ᠬᠤᠵᠢᠭᠤ ᠦᠶ᠎ᠡ ᠳᠦ ᠡᠭᠦᠰᠴᠦ ᠬᠦᠭ᠍ᠵᠢᠭᠰᠡᠨ ᠶᠤᠮ᠃ ᠦᠢᠯᠡ ᠬᠡᠷᠡᠭ ᠦᠨ ᠬᠤᠯᠪᠤᠭᠳᠠᠬᠤ ᠰᠢᠨᠵᠢ ᠶᠢᠨ ᠲᠤᠬᠠᠢ ᠲᠠᠨᠢᠯᠲᠠ᠂ ᠦᠭᠦᠯᠡᠪᠦᠷᠢ ᠵᠤᠢ᠌ᠵᠢᠯ ᠤᠨ ᠬᠦᠭ᠍ᠵᠢᠬᠦ ᠶᠢ ᠳᠠᠭᠠᠯᠳᠤᠨ᠂ ᠨᠦᠬᠦᠴᠡᠯ ᠦᠢᠯᠡ ᠶᠢᠨ ᠬᠡᠯᠪᠡᠷᠢ ᠨᠢ ᠴᠦᠬᠡᠨ ᠡᠴᠡ ᠪᠡᠨ ᠣᠯᠠᠰᠢᠷᠠᠵᠤ ᠬᠦᠭ᠍ᠵᠢᠭᠰᠡᠨ ᠭᠡᠵᠦ ᠦᠵᠡᠪᠡ᠃
原文 查看原文
出自 蒙古学研究 2011年 第2期

联系我们


内蒙古大学图书馆
呼和浩特市大学西路235号
中国·内蒙古
P: (0471) 4992561
E: huangfeilong@imu.edu.cn