题名 |
ᠳᠤᠰᠤᠭᠳᠠᠬᠤᠨ ᠭᠡᠰᠢᠭᠦᠨ ᠢ ᠦᠭᠦᠯᠡᠮᠵᠢ ᠨᠦᠯᠦᠭᠡᠯᠡᠬᠦ ᠶᠢᠨ ᠤᠴᠢᠷ |
作者 |
ᠡ᠂ ᠪᠤᠶᠠᠨ᠍ᠦ᠌᠌ᠯᠵᠡᠢ |
关键词 |
ᠳᠤᠰᠤᠭᠳᠠᠬᠤᠨ; ᠦᠭᠦᠯᠡᠮᠵᠢ; ᠦᠭᠦᠯᠡᠭᠳᠡᠭᠦᠢ; ᠦᠭᠦᠯᠡᠭᠦᠢ; ᠰᠢᠨ᠎ᠡ ᠮᠡᠳᠡᠭᠡ ᠵᠠᠩᠭᠢ; ᠬᠠᠭᠤᠴᠢᠨ ᠮᠡᠳᠡᠭᠡ ᠵᠠᠩᠭᠢ |
摘要 |
ᠮᠣᠩᠭᠣᠯ ᠬᠡᠯᠡᠨ ᠳᠦ ᠳᠤᠰᠤᠭᠳᠠᠬᠤᠨ ᠢ ᠦᠭᠦᠯᠡᠭᠳᠡᠭᠦᠢ ᠪᠤᠯᠭᠠᠨ ᠦᠭᠦᠯᠡᠪᠦᠷᠢ ᠶᠢᠨ ᠡᠬᠢᠨ ᠳᠦ ᠦᠭᠦᠯᠡᠭᠳᠡᠭᠦᠨ ᠦ ᠡᠮᠦᠨ᠎ᠡ ᠪᠠᠶᠢᠷᠢᠰᠢᠭᠤᠯᠬᠤ ᠦᠵᠡᠭᠳᠡᠯ ᠢ ᠠᠵᠢᠭᠯᠠᠬᠤ ᠳᠠᠭᠠᠨ ᠭᠤᠤᠯᠳᠠᠭᠤ ᠦᠭᠦᠯᠡᠪᠦᠷᠢ ᠵᠦᠢ ᠳᠦ ᠳᠠᠩ ᠦᠭᠦᠯᠡᠪᠦᠷᠢ ᠶᠢ ᠯᠡ ᠲᠤᠭᠲᠠᠩ᠋ᠭᠤᠢ ᠪᠠᠶᠢᠳᠠᠯ ᠳᠤ ᠭᠤᠤᠯᠯᠠᠨ ᠰᠤᠳᠤᠯᠳᠠᠭ ᠠᠷᠭ᠎ᠠ ᠠᠪᠴᠠᠯ ᠢ ᠳᠡᠪᠴᠢᠨ ᠬᠡᠯᠡᠨ ᠦ ᠬᠡᠷᠡᠭᠯᠡᠭᠡᠨ ᠦ ᠡᠭᠦᠳᠡᠨ ᠡᠴᠡ ᠦᠭᠦᠯᠡᠮᠵᠢ ᠶᠢᠨ ᠲᠠᠯ᠎ᠠ ᠠᠴᠠ ᠬᠦᠳᠡᠯᠦᠩᠭᠦᠢ ᠪᠠᠶᠢᠳᠠᠯ ᠳᠤ ᠠᠪᠴᠤ ᠰᠢᠨᠵᠢᠯᠡᠭᠰᠡᠨ ᠶᠤᠮ᠃ ᠢᠩᠭᠢᠭ᠍ᠰᠡᠨ ᠢᠶᠡᠷ ᠮᠣᠩᠭᠣᠯ ᠬᠡᠯᠡᠨ ᠦ ᠳᠤᠰᠤᠭᠳᠠᠬᠤᠨ ᠢ ᠦᠭᠦᠯᠡᠭᠳᠡᠩᠭᠦᠢ ᠪᠤᠯᠭᠠᠨ ᠦᠭᠦᠯᠡᠪᠦᠷᠢ ᠶᠢᠨ ᠡᠬᠢᠨ ᠳᠦ ᠪᠠᠶᠢᠷᠢᠰᠢᠭᠤᠯᠵᠤ ᠢᠯᠡᠳᠭᠡᠬᠦ ᠦᠵᠡᠭᠳᠡᠯ ᠨᠢ᠂ 1. ᠦᠭᠦᠯᠡᠭᠳᠡᠭᠦᠢ ᠪᠤᠯᠭᠠᠬᠤ ᠪᠤᠶᠤ ᠦᠭᠦᠯᠡᠭᠳᠡᠭᠦᠢ ᠶᠢᠨ ᠬᠡᠯᠬᠢᠶ᠎ᠡ ᠶᠢᠨ ᠦᠭᠦᠯᠡᠭᠳᠡᠭᠦᠢ ᠪᠡᠨ ᠨᠢᠭᠡᠲᠦᠯ ᠲᠡᠢ ᠪᠤᠯᠭᠠᠬᠤ ᠪᠠ ᠦᠭᠦᠯᠡᠮᠵᠢ ᠶᠢ ᠬᠡᠯᠪᠡᠷᠢ ᠬᠤᠯᠪᠤᠯᠳᠤᠭᠰᠠᠨ᠂ ᠤᠳᠬ᠎ᠠ ᠠᠪᠴᠠᠯᠳᠤᠭᠰᠠᠨ ᠪᠤᠯᠭᠠᠨ ᠬᠡᠯᠬᠢᠨ ᠬᠤᠯᠪᠤᠬᠤ᠂ 2. ᠦᠭᠦᠯᠡᠮᠵᠢ ᠶᠢᠨ ᠡᠬᠢᠯᠡᠬᠦ ᠦᠭᠦᠯᠡᠪᠦᠷᠢ ᠶᠢᠨ ᠳᠤᠰᠤᠭᠳᠠᠬᠤᠨ ᠨᠢ ᠬᠤᠶᠢᠨᠠᠬᠢ ᠦᠷᠭᠦᠯᠵᠢᠯᠡᠬᠦ ᠦᠭᠦᠯᠡᠪᠦᠷᠢ ᠶᠢᠨ ᠳᠤᠰᠤᠭᠳᠠᠬᠤᠨ ᠢᠶᠠᠨ ᠨᠦᠯᠦᠭᠡᠯᠡᠨ ᠵᠠᠬᠢᠷᠬᠤ᠂ 3. ᠦᠭᠦᠯᠡᠭᠦᠢ ᠪᠡᠨ ᠲᠤᠪᠴᠢ ᠠᠪᠰᠠᠷᠬᠠᠨ ᠪᠤᠯᠭᠠᠵᠤ ᠦᠭᠦᠯᠡᠭᠦᠢ ᠪᠡᠷ ᠢᠯᠡᠷᠡᠬᠦ ᠰᠢᠨ᠎ᠡ ᠮᠡᠳᠡᠭᠡ ᠵᠠᠩᠭᠢ ᠪᠤᠶᠤ ᠭᠤᠤᠯᠯᠠᠬᠤᠢ ᠪᠠᠨ ᠳᠤᠪᠤᠶᠢᠯᠭᠠᠬᠤ ᠵᠡᠷᠭᠡ ᠱᠠᠭᠠᠷᠳᠠᠯᠭ᠎ᠠ ᠠᠴᠠ ᠪᠤᠯᠵᠤ ᠪᠠᠶᠢᠳᠠᠭ ᠢ ᠬᠡᠯᠡᠨ ᠦ ᠬᠡᠷᠡᠭᠯᠡᠭᠡᠨ ᠦ ᠡᠯᠧᠮᠧᠨ᠋ᠲ᠋᠂ ᠦᠭᠦᠯᠡᠮᠵᠢ ᠶᠢᠨ ᠡᠯᠧᠮᠧᠨ᠋ᠲ᠂ ᠦᠭᠦᠯᠡᠭᠴᠢ ᠶᠢᠨ ᠪᠡᠶᠡᠴᠢ ᠣᠪᠣᠷ᠂ ᠬᠡᠯᠡ ᠵᠦᠢ ᠶᠢᠨ ᠡᠯᠧᠮᠧᠨ᠋ᠲ ᠵᠡᠷᠭᠡ ᠤᠯᠠᠨ ᠡᠯᠧᠮᠧᠨ᠋ᠲ ᠲᠡᠢ ᠬᠤᠯᠪᠤᠭᠳᠠᠭᠤᠯᠤᠨ ᠬᠡᠯᠡᠨ ᠦ ᠬᠡᠷᠡᠭᠯᠡᠭᠡᠨ ᠦ ᠲᠠᠯ᠎ᠠ ᠠᠴᠠ᠂ ᠦᠭᠦᠯᠡᠮᠵᠢ ᠶᠢᠨ ᠡᠭᠦᠳᠡᠨ ᠡᠴᠡ ᠬᠦᠳᠡᠯᠦᠩᠭᠦᠢ ᠪᠠᠶᠢᠳᠠᠯ ᠳᠤ ᠰᠢᠨᠵᠢᠯᠡᠨ ᠲᠤᠳᠤᠷᠬᠠᠶᠢᠯᠠᠵᠠᠢ᠃ |
原文 |
查看原文
|
出自 |
内蒙古社会科学(蒙文版)
2006年
第3期
|