题名 |
ᠲᠠᠰᠢᠳᠤᠷᠵᠢ ᠶᠢᠨ ᠨᠠᠴᠤᠭᠳᠤᠷᠢ ᠰᠣᠳᠤᠯᠤᠯ(ᠲᠤᠯᠤᠭ᠎ᠠ) |
作者 |
ᠮ᠂ᠪᠠᠶᠠᠰᠬᠤᠯᠠᠩ |
关键词 |
ᠳ᠂ ᠨᠠᠴᠤᠭᠳᠤᠷᠵᠢ; 《ᠤᠴᠢᠷ ᠲᠠᠢ ᠭᠤᠷᠪᠠᠨ ᠲᠤᠯᠤᠭᠠᠢ》;《ᠰᠢᠪᠠᠭᠤᠨ ᠰᠡᠷᠡᠯ》;《ᠬᠢᠨᠳᠠᠨ ᠤ ᠠᠷᠪᠠᠨ ᠰᠢᠯᠦᠭ》 |
摘要 |
ᠳ᠂ ᠨᠠᠴᠤᠭᠲᠤᠷᠵᠢ ᠶᠢᠨ ᠵᠦᠴᠦᠭᠡ ᠶᠢᠨ ᠵᠣᠬᠢᠶᠠᠯ ᠤᠳ ᠨᠢ ᠪᠦᠬᠦᠢ ᠯᠡ ᠤᠷᠠᠨ ᠵᠤᠬᠢᠶᠠᠯ ᠪᠦᠲᠦᠭᠡᠯᠭᠡ ᠳ᠋ᠤᠨᠢ ᠲᠤᠮᠤᠬᠠᠨ ᠵᠠᠭᠪᠤᠷ ᠪᠤᠯᠵᠤ ᠵᠤᠬᠢᠬᠤ ᠪᠠᠢᠷᠢ ᠵᠢ ᠡᠵᠡᠯᠡᠭᠰᠡᠨ ᠪᠠᠢᠢᠳᠠᠭ᠂ ᠡᠭᠦᠨ ᠤ ᠲᠤᠳᠤᠷ ᠠ ᠲᠠᠭᠤᠯᠠᠯᠲᠤ ᠵᠦᠴᠦᠭᠡ ᠶᠢᠨ ᠵᠣᠬᠢᠶᠠᠯ》 ᠤᠴᠢᠷ ᠲᠠᠢ ᠭᠤᠪᠠᠨ ᠲᠤᠯᠤᠭᠠᠢ》 ᠨᠢ ᠬᠠᠮᠤᠭ ᠡᠴᠡ ᠤᠷᠲᠤ 900 ᠭᠠᠷᠤᠢ ᠮᠦᠷ ᠲᠠᠢ ᠰᠢᠯᠦᠭ ᠪᠤᠯᠤᠨ᠎ᠠ᠃《ᠰᠢᠪᠠᠭᠤᠨ ᠰᠠᠷᠠᠨ 》 ᠪᠤᠯ ᠠᠭᠤᠳᠠᠮ ᠲᠡᠨᠢᠭᠡᠷ ᠲᠠᠯ ᠠ ᠨᠤᠲᠤᠭ ᠨᠢ ᠤᠷᠴᠢᠨ ᠠᠬᠤᠢ ᠶᠢᠨ ᠲᠡᠪᠢᠰᠭᠡᠷ ᠪᠤᠯᠵᠤ᠂ ᠰᠦᠷᠦᠩᠬᠦᠦ ᠰᠦᠩᠵᠢᠳᠮ ᠠ ᠶᠢᠨ ᠢᠨᠠᠭᠯᠠᠯ ᠨᠢ ᠰᠢᠪᠠᠭᠤᠨ ᠰᠠᠷᠠᠯ ᠤᠨ ᠴᠢᠳᠠᠯ ᠬᠤᠷᠳᠤᠴᠠ ᠵᠢ ᠢᠯᠡᠷᠡᠭᠦᠯᠬᠦ ᠳ᠋ᠤ ᠰᠦᠪᠡᠭᠴᠢ ᠨᠦᠬᠦᠴᠡᠯ ᠪᠤᠯᠤᠭᠠᠳ᠂ ᠭᠠᠭᠴᠠ ᠮᠣᠩᠭ᠋ᠤᠯ ᠮᠤᠷᠢᠨ ᠤ 《ᠬᠤᠨᠤᠭ ᠤᠨ ᠵᠠᠮ ᠢ ᠡᠳᠦᠷ ᠲᠤ ᠬᠦᠷᠳᠡᠭ》ᠭᠠᠢᠬᠠᠯᠲᠠᠢ ᠴᠢᠳᠠᠯ ᠭᠦᠶᠦᠳᠡᠯ ᠢ ᠮᠠᠭᠲᠠᠭᠰᠠᠨ ᠤᠷᠠᠨ ᠪᠦᠲᠦᠭᠡᠯ ᠪᠤᠯᠤᠨ᠎ᠠ᠃《 ᠡᠪᠦᠯ ᠤᠨ ᠬᠦᠢᠲᠡᠨ》 ᠪᠠ《ᠠᠳᠤᠭᠤᠨ ᠤ ᠮᠠᠨᠠᠭᠠᠨ ᠳ᠋ᠤ》 ᠭᠡᠬᠦ ᠤᠬᠤᠷ ᠠᠪᠰᠠᠷᠬᠠᠨ ᠵᠣᠬᠢᠶᠠᠯ ᠨᠢ ᠠᠳᠤᠭᠤᠴᠢᠨ ᠬᠦᠮᠦᠨ ᠤ ᠡᠪᠦᠯ᠂ ᠵᠤᠨ ᠤ ᠬᠤᠶᠠᠷ ᠤᠯᠠᠷᠢᠯ ᠳ᠋ᠡᠬᠢ ᠶᠡᠷᠦᠳᠡ ᠶᠢᠨ ᠠᠮᠢᠳᠤᠷᠠᠯ ᠤᠨ ᠡᠳᠦᠷ ᠲᠤᠳᠤᠮ ᠤᠨ ᠦᠢᠯᠡ ᠠᠵᠢᠯᠯᠠᠭ᠎ᠠ ᠵᠢ ᠪᠢᠴᠭᠰᠡᠨ ᠰᠠᠢᠬᠠᠨ ᠵᠣᠬᠢᠶᠠᠯ ᠪᠠᠢᠢᠵᠦ᠂《ᠬᠢᠨᠲᠠᠨ ᠤ ᠠᠷᠪᠠᠨ ᠰᠢᠯᠦᠭ》 ᠨᠢ ᠲᠡᠭᠦᠨ ᠤ ᠪᠦᠬᠦᠢ ᠯᠡ ᠢᠷᠠᠭᠤ ᠨᠠᠢᠢᠷᠠᠭ ᠲᠤᠨᠢ ᠣᠨᠴᠠᠭᠠᠢ ᠪᠠᠢᠷᠢ ᠵᠢ ᠡᠵᠡᠯᠡᠬᠦ ᠪᠦᠭᠡᠳ ᠳ᠂ ᠨᠠᠴᠤᠭᠲᠤᠷᠵᠢ ᠶᠢᠨ ᠲᠡᠦᠭᠡ ᠨᠠᠮᠳᠠᠶ ᠤᠨ ᠲᠤᠭᠲᠠᠭᠰᠠᠨ ᠴᠠᠭ ᠦᠶ ᠠ ᠶᠢᠨ ᠠᠮᠢᠳᠤᠷᠠᠯ ᠤᠨ ᠦᠨᠡᠨ ᠲᠡᠮᠳᠡᠭᠯᠡᠯ᠂ ᠬᠢᠯᠢᠰᠳᠡᠯ ᠭᠠᠰᠢᠭᠤᠳᠠᠯ ᠤᠨ ᠡᠮᠭᠡᠨᠢᠯᠲᠤ ᠤᠶᠠᠩᠭ ᠠ᠃ |
原文 |
查看原文
|
出自 |
中国蒙古学
2019年
第3期
|