摘要 |
ᠦᠭᠦᠯᠡᠯ ᠳ᠋ᠤ ᠭᠤᠤᠯᠳᠠᠭᠤ ᠮᠣᠩᠭᠯᠤ ᠬᠢᠲᠠᠳ ᠰᠤᠷᠪᠤᠯᠵᠢ ᠪᠢᠴᠢᠭ ᠪᠤᠶᠣ ᠬᠤᠯᠪᠤᠭᠳᠠᠯ ᠪᠢᠴᠢᠭ ᠮᠠᠲ᠋ᠧᠷᠢᠶᠠᠯ ᠳ᠋ᠤ ᠰᠠᠭᠤᠷᠢᠯᠠᠨ᠂ ᠤᠷᠠᠳ ᠤᠪᠤᠳ ᠠᠢᠮᠠᠭ ᠤᠨ ᠬᠢᠨ ᠶᠡᠬᠡ ᠮᠣᠩᠭᠤᠯ ᠤᠯᠤᠰ ᠤᠨ ᠦᠶ ᠠ ᠶᠢᠨ ᠤᠷᠠᠨ ᠲᠠᠷᠬᠠᠨ ᠬᠦᠮᠦᠰ ᠢᠢᠡᠷ ᠪᠦᠷᠢᠯᠳᠦᠵᠦ᠂ 16 ᠳ᠋ᠤᠭᠠᠷ ᠵᠠᠭᠤᠨ ᠤ ᠰᠡᠭᠦᠯᠴᠢ ᠦᠶ ᠠ ᠪᠡᠷ ᠪᠤᠷᠬᠠᠢ ᠨᠤᠶᠠᠨ ᠤ ᠨᠤᠶᠠᠯᠠᠯ ᠲᠤᠤᠷᠠᠬᠢ ᠤᠯᠤᠰ ᠢᠷᠭᠡᠳ ᠨᠢ ᠤᠷᠠᠰ ᠠᠢᠮᠠᠭ ᠤᠨ ᠪᠦᠷᠢᠯᠳᠦᠬᠦᠨ ᠬᠡᠰᠡᠭ ᠪᠤᠯᠵᠠᠢ᠃ ᠪᠤᠷᠬᠠᠢ ᠨᠤᠶᠠᠨ ᠪᠣᠯ ᠬᠠᠰᠠᠷ ᠤᠨ ᠠᠷᠪᠠᠨ ᠲᠦᠷᠪᠡᠳᠦᠭᠡᠷ ᠦᠶ ᠠ ᠶᠢᠨ ᠠᠴᠢ ᠪᠤᠯᠬᠤ ᠮᠦᠷᠲᠡᠭᠡᠨ ᠴᠢᠩ ᠤᠯᠤᠰ ᠤᠨ ᠦᠶ ᠠ ᠶᠢᠨ ᠭᠠᠳᠠᠭᠠᠲᠤ ᠵᠠᠰᠠᠭ ᠦᠪᠦᠷ ᠮᠣᠩᠭᠤᠯ ᠤᠨ ᠤᠯᠠᠭᠠᠨᠴᠠᠪ ᠤᠨ ᠴᠢᠭᠤᠯᠭᠠᠨ ᠤ ᠭᠤᠷᠪᠠᠨ ᠤᠷᠠᠳ ᠬᠤᠰᠢᠭᠤᠨ ᠤ ᠲᠡᠭᠡᠳᠦᠰ ᠪᠣᠯᠬᠤ ᠲᠣᠬᠠᠢ ᠰᠢᠨᠵᠢᠯᠡᠯᠲᠡ ᠬᠢᠵᠡᠢ᠃ |