摘要 |
19᠋ ᠳᠦᠭᠡᠷ ᠵᠠᠭᠤᠨ ᠤ ᠦᠶ᠎ᠡ ᠳᠦ ᠪᠢᠴᠢᠭᠳᠡᠭᠰᠡᠨ 《ᠮᠠᠨᠵᠤ ᠳᠠᠭᠤᠷ ᠲᠤᠯᠢ ᠪᠢᠴᠢᠭ᠌》᠋ ᠡᠴᠡ ᠦᠵᠡᠪᠡᠯ ᠳᠠᠭᠤᠷ ᠬᠡᠯᠡᠨ ᠳᠦ ᠶᠡᠬᠡ ᠣᠯᠠᠨ ᠬᠢᠲᠠᠳ ᠵᠢᠭᠡᠯᠡᠭᠡ ᠦᠭᠡ ᠬᠡᠷᠡᠭᠯᠡᠵᠦ ᠪᠠᠢ᠌ᠪᠠ᠃ ᠲᠡᠳᠡᠭᠡᠷ ᠦᠭᠡᠰ ᠨᠢ ᠠᠪᠢᠶ᠎ᠠ᠂ ᠦᠭᠡ ᠵᠦᠢ ᠵᠢᠴᠢ ᠦᠭᠡ ᠶᠢᠨ ᠤᠳᠬ᠎ᠠ ᠶᠢᠨ ᠲᠠᠯ᠎ᠠ ᠳᠤ ᠴᠦᠮ ᠠᠳᠠᠯᠢ ᠪᠤᠰᠤ ᠬᠡᠮᠵᠢᠶᠡᠨ ᠦ ᠬᠤᠪᠢᠷᠠᠯᠲᠠ ᠲᠠᠢ ᠪᠠᠢ᠌ᠵᠠᠢ᠃ ᠨᠢᠭᠡ ᠬᠡᠰᠡᠭ ᠬᠢᠲᠠᠳ ᠦᠭᠡᠰ ᠢ ᠮᠠᠨᠵᠤ ᠪᠢᠴᠢᠭ᠌ ᠦᠨ ᠬᠡᠯᠡᠨ ᠡᠴᠡ ᠵᠢᠭᠡᠯᠡᠭᠰᠡᠨ ᠨᠢ ᠲᠤᠳᠤᠷᠬᠠᠢ᠂ ᠭᠡᠪᠡᠴᠦ ᠲᠡᠭᠦᠨ ᠦ ᠣᠯᠠᠩᠭᠢ ᠶᠢ ᠰᠢᠭᠤᠳ ᠬᠢᠲᠠᠳ ᠬᠡᠯᠡᠨ ᠡᠴᠡ ᠵᠢᠭᠡᠯᠡᠨ ᠠᠪᠤᠪᠠ᠃ ᠡᠳᠡᠭᠡᠷ ᠦᠭᠡᠰ ᠦᠨ ᠶᠡᠬᠡᠩᠬᠢ ᠨᠢ ᠣᠳᠣ ᠪᠤᠯᠲᠠᠯ᠎ᠠ ᠳᠠᠭᠤᠷ ᠬᠡᠯᠡᠨ ᠳᠦ ᠬᠡᠷᠡᠭᠯᠡᠭᠳᠡᠵᠦ ᠪᠠᠢ᠌ᠨ᠎ᠠ᠂ ᠪᠠᠰᠠ ᠨᠢᠭᠡ ᠬᠡᠰᠡᠭ ᠨᠢ ᠨᠢᠭᠡᠨᠲᠡ ᠬᠠᠭᠤᠴᠢᠨ ᠦᠭᠡ ᠪᠤᠯᠤᠭᠠᠳ ᠶᠠᠷᠢᠶᠠᠨ ᠤ ᠬᠡᠯᠡᠨ ᠳᠦ ᠬᠡᠷᠡᠭᠯᠡᠭᠳᠡᠬᠦ ᠪᠡᠨ ᠪᠤᠯᠢᠭᠰᠠᠨ ᠭᠡᠬᠦ ᠵᠡᠷᠭᠡ ᠠᠰᠠᠭᠤᠳᠠᠯ ᠤᠳ ᠢ ᠲᠤᠰ ᠦᠭᠦᠯᠡᠯ ᠳᠦ ᠰᠢᠨᠵᠢᠯᠡᠵᠡᠢ᠃ |