题名 |
ᠴᠢᠩ ᠤᠯᠤᠰ ᠤᠨ ᠦᠶ ᠠ ᠶᠢᠨ ᠠᠤᠬᠠᠨ ᠬᠤᠰᠢᠭᠤᠨ ᠤ ᠨᠤᠲᠤᠭ ᠬᠢᠭᠡᠳ ᠨᠤᠲᠤᠭ ᠤᠨ ᠵᠢᠷᠤᠭ ᠤᠨ ᠲᠣᠬᠠᠢ |
作者 |
ᠢᠷᠠᠭᠤᠬᠠᠨ |
关键词 |
ᠠᠤᠬᠠᠨ ᠬᠤᠰᠢᠭᠤ; ᠨᠤᠲᠤᠭ ᠤᠨ ᠵᠢᠷᠤᠭ; 《ᠮᠣᠩᠭᠤᠯ ᠤᠨ ᠬᠤᠰᠢᠭᠤ ᠨᠤᠲᠤᠭ ᠤᠨ ᠲᠡᠮᠳᠡᠭᠯᠡᠯ》 |
摘要 |
ᠲᠤᠰ ᠦᠭᠦᠯᠡᠯ ᠳ᠋ᠤ ᠤᠷᠢᠳᠠᠬᠢ ᠮᠡᠷᠭᠡᠳ ᠤᠨ ᠰᠣᠳᠤᠯᠭᠠᠨ ᠤ ᠰᠠᠭᠤᠷᠢᠨ ᠲᠡᠭᠡᠷ ᠡ᠂ 《ᠮᠠᠨᠵᠤ ᠪᠢᠴᠢᠭ ᠤᠨ ᠤᠭ ᠲᠠᠩᠰᠠ》᠂ 《ᠲᠠᠢᠴᠢᠩ ᠤᠯᠤᠰ ᠤᠨ ᠮᠠᠭᠠᠳ ᠬᠠᠤᠯᠢ》᠂ 《ᠲᠠᠢᠴᠢᠩ ᠬᠦᠷᠦᠨ ᠤ ᠪᠦᠬᠦᠲᠠ ᠬᠠᠤᠯᠢ ᠪᠢᠴᠢᠭ》᠂《ᠲᠠᠢᠴᠢᠩ ᠬᠦᠷᠦᠨ ᠤ ᠨᠢᠭᠡᠳᠭᠡᠭᠰᠡᠨ ᠤᠢᠯᠠᠯᠠᠭᠠ》《ᠮᠣᠩᠭᠤᠯ ᠤᠨ ᠬᠤᠰᠢᠭᠤ ᠨᠤᠲᠤᠭ ᠤᠨ ᠲᠡᠮᠳᠡᠭᠯᠡᠯ 》ᠵᠡᠷᠭᠡ ᠰᠤᠷᠪᠤᠯᠵᠢᠰ ᠤᠨ ᠲᠡᠮᠳᠡᠭᠯᠡᠯ ᠳ᠋ᠤ ᠰᠠᠭᠤᠷᠢᠯᠠᠨ᠂ ᠴᠢᠩ ᠤᠯᠤᠰ ᠤᠨ ᠦᠶ᠎ᠠ ᠶᠢᠨ ᠠᠤᠬᠠᠨ ᠬᠤᠰᠢᠭᠤᠨ ᠤ ᠨᠤᠲᠤᠭ᠂ ᠵᠠᠬ ᠠ ᠬᠢᠵᠠᠭᠠᠷ ᠢ ᠲᠤᠢᠮᠤᠴᠢᠯᠠᠨ ᠦᠭᠦᠯᠡᠭᠡᠳ᠂ ᠭᠸᠷᠮᠠᠨ ᠪᠠ ᠶᠠᠫᠤᠨ ᠳ᠋ᠤ ᠬᠠᠳᠠᠭᠠᠯᠠᠭᠳᠠᠵᠤ ᠪᠠᠢᠭ᠎ᠠ ᠡᠷᠲᠡᠮ ᠰᠢᠨᠵᠢᠯᠡᠭᠡᠨ ᠤ ᠬᠦᠷᠢᠶᠡᠨ ᠳ᠋ᠤ ᠬᠠᠷᠠᠬᠠᠨ ᠬᠠᠩᠭᠠᠮᠵᠢᠲᠠᠢ ᠠᠰᠢᠭᠯᠠᠭᠳᠠᠭ᠎ᠠ ᠦᠭᠡᠢ ᠪᠠᠢᠭᠰᠠᠭᠠᠷ ᠪᠠᠢᠭ᠎ᠠ ᠴᠢᠩ ᠤᠯᠤᠰ ᠤᠨ ᠦᠶ᠎ᠠ ᠶᠢᠨ ᠠᠤᠬᠠᠨ ᠬᠤᠰᠢᠭᠤᠨ ᠤ ᠨᠤᠲᠤᠭ ᠤᠨ ᠵᠢᠷᠤᠭ ᠢ ᠨᠠᠷᠢᠪᠴᠢᠯᠠᠨ ᠲᠠᠨᠢᠯᠴᠠᠭᠤᠯᠵᠤ᠂ ᠪᠤᠰᠤᠳ ᠰᠤᠷᠪᠤᠯᠵᠢᠰ ᠡᠴᠡ ᠤᠨᠴᠠᠯᠠᠭᠳᠠᠬᠤ ᠦᠪᠡᠷᠮᠢᠴᠡ ᠰᠢᠨᠵᠢ ᠪᠠ ᠦᠨᠳᠦᠷ ᠦᠷᠲᠡᠭ ᠢ ᠨᠢ ᠦᠨᠡᠯᠡᠬᠦ ᠵᠢ ᠬᠢᠴᠢᠶᠡᠵᠡᠢ᠃ |
原文 |
查看原文
|
出自 |
内蒙古大学学报
2017年
第2期
|