题名 |
ᠰᠣᠶᠣᠯ ᠬᠡᠭᠦ ᠤᠬᠠᠭᠳᠠᠬᠤᠨ ᠵᠢᠴᠢ ᠤᠢᠷᠠᠳ ᠰᠣᠶᠣᠯ ᠤᠨ ᠬᠦᠷᠢᠶ ᠠ ᠬᠡᠪᠴᠢᠶᠡᠨ ᠤ ᠲᠣᠬᠠᠢ |
作者 |
ᠴ•ᠪᠤᠭᠳᠠ |
关键词 |
ᠰᠣᠶᠣᠯ ᠤᠨ ᠤᠬᠠᠭᠳᠠᠬᠤᠨ;ᠤᠢᠷᠠᠳ ᠰᠣᠶᠣᠯ; ᠬᠦᠷᠢᠶ ᠡ ᠬᠡᠪᠴᠢᠶ ᠠ |
摘要 |
ᠦᠭᠦᠯᠡᠯ ᠳ᠋ᠤ ᠰᠣᠶᠣᠯ ᠭᠡᠬᠦ ᠤᠬᠠᠭᠳᠠᠬᠤᠨ ᠤ ᠲᠣᠬᠠᠢ ᠲᠡᠯᠡᠭᠡᠢ ᠳ᠋ᠠᠬᠢᠨ ᠤ ᠭᠤᠤᠯ ᠦᠵᠡᠯᠲᠡ ᠨᠦᠬᠦᠳ ᠢ ᠲᠤᠭᠠᠴᠢᠨ ᠶᠠᠷᠢᠵᠤ᠂ᠰᠣᠶᠣᠯ ᠭᠡᠭᠴᠢ ᠢᠪᠴᠤᠤ ᠤᠳᠬ ᠠ ᠶᠢᠨ ᠰᠢᠨᠵᠢᠯᠡᠭᠡᠨ ᠪᠢᠰᠢ᠂ ᠬᠠᠷᠢᠨ ᠤᠯᠠᠨ ᠵᠦᠢᠯ ᠤᠨ ᠰᠢᠨᠵᠢᠯᠡᠭᠡᠨ ᠢ ᠬᠠᠮᠤᠷᠤᠭᠰᠠᠨ ᠪᠤᠶᠣ ᠰᠢᠨᠵᠢᠯᠡᠭᠡᠨ ᠢ ᠠᠯᠭᠠᠰᠠᠭᠰᠠᠨ ᠦᠵᠡᠭᠳᠡᠯ ᠪᠣᠯᠬᠤ ᠶᠣᠮ᠃ ᠤᠢᠷᠠᠳ ᠰᠣᠶᠣᠯ ᠨᠢ ᠦᠨᠳᠦᠰᠦᠲᠡᠨ ᠤ ᠢᠵᠠᠭᠤᠷ ᠰᠣᠶᠣᠯ ᠤᠨ ᠲᠤᠳᠤᠷᠠᠬᠢ ᠬᠠᠮᠤᠭ ᠤᠨ ᠭᠤᠤᠯ᠂ᠠᠮᠢᠯᠠᠯ ᠤᠨ ᠬᠦᠴᠦᠨ ᠢᠢᠡᠷ ᠴᠢᠩᠭ᠎ᠠ ᠵᠦᠢᠯ ᠢ ᠤᠯᠠᠮᠵᠢᠯᠠᠭᠳᠠᠭᠰᠠᠨ ᠤ ᠲᠠᠠᠭᠤ ᠣᠷᠴᠢᠨ ᠲ᠋ᠡᠬᠢ ᠪᠣᠰᠤᠳ ᠦᠨᠳᠦᠰᠦᠲᠡᠨ ᠤ ᠰᠣᠶᠣᠯ ᠡᠴᠡ ᠰᠢᠮ ᠡ ᠨᠦᠯᠦᠭᠡ ᠬᠦᠷᠲᠡᠭᠰᠡᠨ ᠲᠤᠯᠠ ᠢᠯᠭᠤᠮ ᠲᠤᠳᠤ ᠭᠠᠵᠠᠷ ᠣᠷᠤᠨ ᠤ ᠣᠨᠴᠠᠯᠢᠭ ᠲᠠᠢ ᠪᠣᠯᠤᠭᠰᠠᠨ ᠶᠣᠮ᠂ ᠤᠢᠷᠠᠳ ᠰᠣᠶᠣᠯ ᠤᠨ ᠰᠣᠳᠤᠯᠭᠠᠨ ᠨᠡᠯᠢᠶᠡᠳ ᠦᠷᠭᠡᠨ ᠬᠡᠪᠴᠢᠶ ᠠ ᠵᠢ ᠬᠠᠮᠤᠷᠴᠤ ᠪᠠᠢᠬᠤ ᠶᠣᠮ᠂ ᠤᠳᠤ ᠶᠢᠨ ᠤᠢᠷᠠᠳ ᠰᠣᠶᠣᠯ ᠤᠨ ᠰᠣᠳᠤᠯᠭᠠᠨ ᠤ ᠰᠡᠳᠦᠪ ᠲᠡᠭᠡᠷ ᠡ ᠠᠳᠠᠯᠢ ᠪᠣᠰᠤ ᠮᠡᠷᠭᠡᠵᠢᠯ ᠤᠨ ᠬᠦᠮᠦᠰ ᠤᠨ ᠵᠦᠭ ᠵᠦᠭ ᠡᠴᠡ ᠬᠦᠴᠦ ᠬᠠᠮᠲᠤᠷᠠᠨ ᠠᠵᠢᠯᠯᠠᠵᠤ᠂ᠲᠦᠯᠦᠭᠡᠯᠡᠬᠦ ᠴᠢᠨᠡᠷᠲᠠᠢ ᠪᠦᠲᠦᠭᠡᠯ ᠭᠠᠷᠭᠠᠵᠤ᠂ ᠤᠢᠷᠠᠳ ᠰᠣᠶᠣᠯ ᠤᠨ ᠰᠣᠳᠣᠯᠣᠯ ᠢ ᠨᠡᠩ ᠦᠨᠳᠦᠷ ᠲᠦᠪᠰᠢᠨ ᠳ᠋ᠤ ᠬᠦᠷᠭᠡᠪᠡᠯ ᠵᠣᠬᠢᠨ᠎ᠠ ᠭᠡᠰᠡᠨ ᠰᠠᠨᠠᠭᠤᠯᠭ ᠠ ᠲᠡᠪᠰᠢᠭᠦᠯᠪᠡ᠃ |
原文 |
没有原文
|
出自 |
西部蒙古论坛
2008年
第1期
|