题名 |
ᠪᠠᠶᠠᠨᠪᠢᠯᠢᠭᠲᠦ ᠪᠠ ᠲᠡᠭᠦᠨ ᠦ ᠵᠤᠬᠢᠶᠠᠯ ᠪᠦᠲᠦᠭᠡᠯ |
作者 |
ᠴᠢᠤᠸᠠᠨ ᠷᠦᠩ |
关键词 |
ᠪᠠᠶᠠᠨᠪᠢᠯᠢᠭᠲᠦ; ᠵᠤᠬᠢᠶᠠᠯ ᠪᠦᠲᠦᠭᠡᠯ; 《ᠮᠣᠩ᠋ᠭᠤᠯ ᠤᠨ ᠲᠤᠬᠠᠢ ᠲᠡᠮᠳᠡᠭᠯᠡᠯ》; 《ᠪᠤᠭᠲᠠ ᠴᠢᠩᠭᠢᠰ ᠬᠠᠭᠠᠨ ᠰᠤᠳᠤᠷ》 |
摘要 |
ᠪᠠᠶᠠᠨᠪᠢᠯᠢᠭᠲᠦ ᠪᠤᠯ ᠳᠠᠢ᠌ᠴᠢᠩ ᠤᠯᠤᠰ ᠤᠨ ᠦᠶ᠎ᠡ ᠳᠦ ᠬᠠᠷᠠᠴᠢᠨ ᠨᠤᠲᠤᠭ ᠲᠤ ᠴᠤᠯᠭᠤᠷᠠᠨ ᠭᠠᠷᠤᠭᠰᠠᠨ ᠪᠢᠴᠢᠭ᠌ ᠦᠨ ᠡᠷᠳᠡᠮᠲᠡᠨ᠃ ᠪᠠᠶᠠᠨᠪᠢᠯᠢᠭᠲᠦ ᠠᠪᠤᠭᠠᠢ ᠶᠢᠨ ᠵᠤᠬᠢᠶᠠᠯ ᠪᠦᠲᠦᠭᠡᠯ ᠦᠨ ᠲᠤᠬᠠᠢ ᠪᠢᠳᠡ ᠶᠡᠬᠡ ᠲᠦᠯᠦᠪ ᠣᠢ᠌ᠯᠠᠭᠠᠵᠤ ᠪᠠᠢ᠌ᠭ᠎ᠠ ᠪᠤᠯᠪᠠᠴᠤ ᠲᠡᠭᠦᠨ ᠦ ᠦᠢᠯᠡ ᠠᠮᠢᠳᠤᠷᠠᠯ ᠤᠨ ᠲᠠᠯ᠎ᠠ ᠪᠠᠷ ᠲᠤᠩ ᠪᠠᠭ᠎ᠠ ᠲᠦᠰᠦᠭᠡᠯᠡᠯ ᠲᠡᠢ᠃ ᠲᠤᠬᠠᠢ᠌ᠯᠠᠪᠠᠯ᠂ ᠲᠡᠭᠦᠨ ᠦ ᠵᠤᠬᠢᠶᠠᠯ ᠪᠦᠲᠦᠭᠡᠯ ᠦᠨ ᠲᠤᠬᠠᠢ ᠪᠦᠷᠢᠨ ᠭᠦᠢᠴᠡᠳ ᠲᠠᠨᠢᠯᠴᠠᠭᠤᠯᠭ᠎ᠠ ᠳᠤᠲᠠᠭᠲᠠᠵᠤ ᠪᠠᠢ᠌ᠭ᠎ᠠ ᠢᠨ ᠳᠡᠭᠡᠷ᠎ᠡ ᠪᠠᠶᠠᠨᠪᠢᠯᠢᠭᠲᠦ ᠶᠢᠨ ᠠᠯᠳᠠᠷ ᠨᠡᠷ᠎ᠡ ᠶᠢᠨ ᠲᠠᠯ᠎ᠠ ᠪᠠᠷ ᠴᠤ ᠠᠩ᠋ᠬᠠᠷᠴᠤ ᠦᠵᠡᠭᠦᠰᠢᠲᠡᠢ ᠰᠠᠨᠠᠭᠳᠠᠨ᠎ᠠ᠃ ᠡᠭᠦᠨᠴᠢᠯᠡᠨ ᠲᠤᠰ ᠦᠭᠦᠯᠡᠯ ᠳᠦ ᠲᠡᠭᠦᠨ ᠦ ᠨᠠᠰᠤᠨ ᠲᠤᠷᠰᠢ ᠶᠢᠨ ᠦᠢᠯᠡ ᠠᠵᠢᠯᠯᠠᠭ᠎ᠠ ᠶᠢ ᠲᠤᠢ᠌ᠮᠤᠴᠢᠯᠠᠨ ᠦᠭᠦᠯᠡᠬᠦ ᠶᠢᠨ ᠬᠠᠮᠲᠤ ᠲᠡᠭᠦᠨ ᠦ ᠡᠷᠬᠢᠯᠡᠵᠦ ᠪᠠᠢ᠌ᠭᠰᠠᠨ ᠠᠵᠢᠯ ᠬᠦᠳᠡᠯᠮᠦᠷᠢ᠂ ᠡᠷᠳᠡᠮ ᠪᠤᠯᠪᠰᠤᠷᠠᠯ᠂ ᠵᠤᠬᠢᠶᠠᠯ ᠪᠦᠲᠦᠭᠡᠯ ᠵᠡᠷᠭᠡ ᠶᠢ ᠣᠳᠤᠬᠠᠨ ᠤ ᠬᠡᠷᠡᠭᠯᠡᠭᠳᠡᠭᠦᠨ ᠦ ᠬᠢᠷᠢ ᠭᠡᠮ ᠢᠶᠡᠷ ᠰᠤᠳᠤᠯᠬᠤ ᠵᠤᠷᠢᠯᠲᠠ ᠲᠠᠯᠪᠢᠪᠠ᠃ |
原文 |
查看原文
|
出自 |
西部蒙古论坛
2013年
第1期
|