论文信息


题名 ᠮᠡᠷᠭᠡᠨ ᠭᠡᠭᠡᠨ ᠯᠤᠪᠰᠠᠩᠳᠠᠮᠪᠢᠵᠠᠯᠰᠠᠨ ᠤ ᠰᠢᠯᠦᠭ ᠳᠠᠭᠤᠤ ᠶᠢᠨ ᠦᠵᠡᠯ ᠰᠠᠨᠠᠭ᠎ᠠ ᠶᠢ ᠰᠢᠨᠵᠢᠯᠡᠬᠦ ᠨᠢ
作者 ᠵᠢᠷᠠᠨᠨᠢᠭᠡ
关键词 ᠯᠤᠪᠰᠠᠩᠳᠠᠮᠪᠢᠵᠠᠯᠰᠠᠨ; ᠰᠢᠯᠦᠭ ᠳᠠᠭᠤᠤ; ᠦᠵᠡᠯ ᠰᠠᠨᠠᠭ᠎ᠠ
摘要 ᠮᠡᠷᠭᠡᠨ ᠭᠡᠭᠡᠨ ᠯᠤᠪᠰᠠᠩᠳᠠᠮᠪᠢᠵᠠᠯᠰᠠᠨ ᠪᠤᠯ ᠨᠡᠢᠲᠡ ᠮᠣᠩᠭᠤᠯ ᠤᠨ ᠰᠢᠯᠦᠭ ᠳᠠᠭᠤᠤ ᠶᠢᠨ ᠦᠢᠯᠡᠰ ᠦᠨ ᠬᠦᠭᠵᠢᠯᠲᠡ ᠳᠦ ᠪᠦᠲᠦᠭᠡᠯᠴᠢ ᠵᠢᠳᠭᠦᠯ ᠭᠠᠷᠮᠠᠭᠠᠢ ᠬᠤᠪᠢ ᠨᠡᠮᠡᠷᠢ ᠪᠡᠨ ᠦᠵᠡᠭᠦᠯᠦᠭᠰᠡᠨ ᠲᠤᠮᠤ ᠡᠷᠳᠡᠮᠲᠡᠨ ᠪᠤᠯᠬᠤ ᠶᠤᠮ᠃ ᠲᠡᠷᠡ ᠪᠤᠯ ᠤᠷᠠᠳ ᠠᠷᠠᠳ ᠤᠨ ᠳᠠᠭᠤᠤ ᠶᠢᠨ ᠭᠤᠤᠯ ᠨᠢᠭᠡᠨ ᠦᠨᠳᠦᠰᠦᠯᠡᠭᠴᠢ ᠮᠦᠨ ᠪᠤᠯᠬᠤ ᠪᠠᠷ ᠪᠠᠷᠠᠬᠤ ᠦᠭᠡᠢ᠂ ᠣᠷᠳᠤᠰ᠂ ᠠᠯᠠᠱᠠ᠂ ᠲᠤᠷᠭᠤᠳ ᠵᠡᠷᠭᠡ ᠭᠠᠵᠠᠷ ᠨᠤᠲᠤᠭ ᠢ ᠪᠠᠭᠲᠠᠭᠠᠭᠰᠠᠨ ᠮᠣᠩᠭᠤᠯ ᠠᠷᠠᠳ ᠤᠨ ᠳᠠᠭᠤᠤ ᠶᠢᠨ ᠪᠠᠶᠠᠯᠢᠭᠵᠢᠯ ᠳᠤ ᠴᠤ ᠴᠢᠬᠤᠯᠠ ᠨᠡᠮᠡᠷᠢ ᠬᠠᠨᠳᠢᠪ ᠦᠵᠡᠭᠦᠯᠦᠭᠰᠡᠨ ᠰᠤᠶᠤᠯ ᠤᠷᠠᠯᠢᠭ ᠤᠨ ᠨᠡᠷᠡᠲᠦ ᠵᠢᠳᠭᠦᠯᠲᠡᠨ ᠪᠤᠯᠤᠨ᠎ᠠ᠃ ᠲᠡᠷᠡ ᠨᠠᠰᠤᠨ ᠲᠤᠷᠰᠢ ᠳᠠᠭᠠᠨ ᠨᠤᠮ ᠰᠤᠳᠤᠷ ᠲᠠᠢ ᠨᠦᠬᠦᠷᠯᠡᠭᠰᠡᠨ ᠡᠴᠡ ᠮᠠᠰᠢ ᠠᠷᠪᠢᠨ ᠵᠤᠬᠢᠶᠠᠯ ᠪᠦᠲᠦᠭᠡᠯ ᠲᠡᠢ ᠪᠠᠢᠳᠠᠭ ᠶᠤᠮ᠃ ᠦᠭᠦᠯᠡᠯ ᠳᠦ ᠮᠡᠷᠭᠡᠨ ᠭᠡᠭᠡᠨ ᠯᠤᠪᠰᠠᠩᠳᠠᠮᠪᠢᠵᠠᠯᠰᠠᠨ ᠤ ᠰᠢᠯᠦᠭ ᠳᠠᠭᠤᠤ ᠶᠢᠨ ᠦᠵᠡᠯ ᠰᠠᠨᠠᠭ᠎ᠠ ᠶᠢ ᠠᠪᠤ ᠡᠵᠢ ᠠᠬᠠᠰ ᠵᠠᠬᠠᠰ ᠢᠶᠠᠨ ᠬᠦᠨᠳᠦᠯᠡᠬᠦ ᠪᠡ ᠮᠦᠷᠦᠭᠡᠳᠦᠨ ᠰᠠᠨᠠᠭᠠᠯᠵᠠᠬᠤ᠂ ᠪᠤᠷᠬᠠᠨ ᠱᠠᠰᠢᠨ ᠤ ᠰᠤᠷᠭᠠᠯ ᠨᠤᠮᠯᠠᠯ ᠪᠠ ᠯᠠᠮᠠ ᠬᠤᠸᠠᠷᠠᠭᠲᠠᠨ ᠢ ᠪᠢᠰᠢᠷᠡᠨ ᠰᠢᠲᠦᠬᠦ᠂ ᠡᠷᠳᠡᠮ ᠨᠤᠮ ᠳᠤ ᠰᠢᠮᠳᠠᠬᠤ᠂ ᠨᠤᠲᠤᠭ ᠤᠰᠤ ᠪᠠᠨ ᠪᠠᠬᠠᠲᠤᠨ ᠠᠭᠲᠠ ᠬᠦᠯᠦᠭ ᠢᠶᠡᠨ ᠮᠠᠭᠲᠠᠨ ᠤᠶᠠᠩᠭᠠᠯᠠᠭᠰᠠᠨ᠂ ᠪᠤᠷᠬᠠᠨ ᠱᠠᠰᠢᠨ ᠤ ᠬᠤᠭᠤᠰᠤᠨ ᠬᠠᠭᠤᠷᠮᠠᠭ ᠴᠢᠨᠠᠷ ᠢ ᠢᠯᠡᠴᠢᠯᠡᠨ ᠰᠢᠭᠦᠮᠵᠢᠯᠡᠭᠰᠡᠨ ᠪᠠᠢᠳᠠᠭ᠃
原文 查看原文
出自 中国蒙古学 2015年 第1期

联系我们


内蒙古大学图书馆
呼和浩特市大学西路235号
中国·内蒙古
P: (0471) 4992561
E: huangfeilong@imu.edu.cn