摘要 |
ᠳᠤᠰ ᠦᠭᠦᠯᠡᠯ ᠳᠤ ᠵᠤᠬᠢᠶᠠᠭᠴᠢ ᠡᠴᠡ ᠰ᠂ ᠪᠤᠶᠠᠨᠨᠡᠮᠡᠬᠦ ᠶᠢᠨ ᠳᠡᠭᠡᠷ ᠡ ᠵᠠᠭᠤᠨ ᠦ ᠬᠤᠷᠢᠭᠠᠳ ᠤᠨ ᠳᠤ ᠥᠪᠥᠷ ᠮᠣᠩᠭᠣᠯ ᠳᠤ ᠡᠷᠬᠢᠯᠠᠨ ᠨᠠᠢ᠌ᠷᠠᠭᠤᠯᠵᠤ ᠪᠠᠢ᠌ᠭᠰᠠᠨ 《ᠳᠤᠳᠤᠭᠠᠳᠤ ᠮᠣᠩᠭᠣᠯ ᠤᠨ ᠠᠷᠠᠳ ᠤᠨ ᠰᠡᠳᠭᠦᠯ》ᠢ᠋ ᠪᠦᠬᠦ ᠲᠠᠯ ᠠ ᠪᠡᠷ ᠳᠠᠨᠢᠯᠴᠠᠭᠤᠯᠬᠤ ᠶᠢ ᠬᠢᠴᠢᠶᠡᠪᠡ᠃《ᠳᠤᠳᠤᠭᠠᠳᠤ ᠮᠣᠩᠭᠣᠯ ᠤᠨ ᠠᠷᠠᠳ ᠤᠨ ᠰᠡᠳᠭᠦᠯ》ᠪᠤᠯ ᠳᠡᠭᠡᠷ ᠡ ᠵᠠᠭᠤᠨ ᠦ ᠬᠤᠷᠢᠭᠠᠳ ᠤᠨ ᠳᠤ ᠥᠪᠥᠷ ᠮᠣᠩᠭᠣᠯ ᠳᠤ ᠬᠡᠪᠯᠡᠭᠳᠡᠵᠦ ᠪᠠᠢ᠌ᠭᠰᠠᠨ ᠥᠪᠥᠷ ᠮᠣᠩᠭᠣᠯ ᠤᠨ ᠤᠷᠴᠢᠨ ᠦᠶ ᠠ ᠶᠢᠨ ᠳᠡᠦᠬᠡ ᠰᠤᠶᠤᠯ ᠲᠠᠢ ᠬᠤᠯᠪᠤᠭᠳᠠᠬᠤ ᠰᠡᠳᠭᠦᠯ ᠪᠤᠯᠬᠤ ᠶᠤᠮ᠃ ᠵᠤᠬᠢᠶᠠᠭᠴᠢ 《ᠳᠤᠳᠤᠭᠠᠳᠤ ᠮᠣᠩᠭᠣᠯ ᠤᠨ ᠠᠷᠠᠳ ᠤᠨ ᠰᠡᠳᠭᠦᠯ》ᠢ᠋ ᠪᠦᠷᠢᠨ ᠪᠦᠳᠦᠨ ᠶᠢᠨᠷ ᠳᠠᠪᠤᠨ ᠳᠡᠪᠳᠡᠷ ᠤᠯᠵᠤ ᠰᠤᠳᠤᠯᠤᠨ ᠳᠠᠨᠢᠯᠴᠠᠭᠤᠯᠤᠭᠰᠠᠨ ᠨᠢ ᠥᠪᠥᠷ ᠮᠣᠩᠭᠣᠯ ᠤᠨ ᠤᠷᠴᠢᠨ ᠦᠶ ᠠ ᠶᠢᠨ ᠳᠡᠦᠬᠡ ᠰᠤᠶᠤᠯ ᠢ ᠰᠤᠳᠤᠯᠬᠤ ᠳᠤ ᠠᠰᠢᠭᠲᠠᠢ ᠮᠠᠲ᠋ᠸᠷᠢᠶᠠᠯ ᠬᠠᠩᠭ᠋ᠠᠵᠤ ᠪᠤᠯᠬᠤ ᠶᠤᠮ᠃ |