论文信息


题名 ᠰᠦᠨ᠋᠋ᠢᠳ ᠠᠢᠮᠠᠭ ᠪᠤᠯᠤᠨ ᠬᠢᠯᠦᠭᠡᠨ ᠪᠠᠭ᠋᠋ᠠᠳᠤᠷ ᠤᠨ ᠲᠤᠬᠠᠢ
作者 ᠭᠦᠩ‍ • ᠪᠠᠳᠠᠷᠠᠬᠤ
关键词 ᠰᠦᠨ᠋᠋ᠢᠳ ᠠᠢᠮᠠᠭ; ᠬᠢᠯᠤᠭᠡᠨ ᠪᠠᠭ᠋᠋ᠠᠳᠤᠷ; ᠨᠤᠳᠤᠭ ᠲᠠᠪᠢᠰᠭᠡᠷ
摘要 ᠰᠦᠨ᠋᠋ᠢᠳ ᠠᠢᠮᠠᠭ ᠪᠤᠯ ᠮᠤᠩᠭᠤᠯ ᠤᠨ ᠡᠷᠳᠡᠨ ᠤ ᠨᠢᠭᠡ ᠬᠦᠴᠦᠷᠭᠡᠭ ᠠᠢᠮᠭᠠ ᠶᠤᠮ᠃ ᠮᠤᠩᠭᠤᠯ ᠤᠨ ᠲᠡᠤᠬᠡ ᠶᠢᠨ ᠴᠢᠬᠤᠯᠠ ᠲᠤᠯᠭ᠋ᠤᠷ ᠪᠢᠴᠢᠭ ᠤᠨ ᠨᠢᠭᠡ ᠪᠤᠯᠬᠤ 《 ᠮᠤᠩᠭᠤᠯ ᠤᠨ ᠨᠢᠭ᠋ᠤᠴᠠ ᠲᠤᠪᠴᠢᠶᠠᠨ》 ᠳᠤ《 ᠁ᠴᠠᠤᠵᠢᠨ ᠤᠷᠳᠠᠭ᠋ᠠᠢ ᠶᠢᠨ ᠬᠦᠪᠡᠬᠦᠳ ᠤᠷᠤᠨ᠋ᠠᠷ᠂ ᠬᠤᠩᠬᠤᠳᠠᠨ᠂ ᠠᠷᠠᠯᠠᠳ᠂ ᠰᠦᠨ᠋ᠢᠳ᠂ ᠬᠠᠪᠳᠤᠷᠬᠠᠰ᠂ ᠬᠡᠨ᠋ᠢᠭᠡᠰ ᠤᠪᠤᠭᠳᠠᠨ ᠲᠠᠳᠠ ᠪᠤᠯᠪᠠ》 ᠭᠡᠵᠦ ᠲᠠᠮᠳᠡᠭᠯᠡᠭᠰᠡᠨ ᠪᠠᠢᠳᠠᠭ ᠨᠢ ᠪᠠᠷᠤᠭ 11ᠵᠠᠭ᠋ᠤᠨ ᠤ ᠦᠶ᠎ᠡ ᠶᠢᠨ ᠶᠠᠪᠤᠳᠠᠯ ᠢ ᠬᠡᠯᠡᠵᠦ ᠪᠠᠢᠭ᠎ᠠ ᠪᠤᠯᠪᠠᠴᠦ ᠦᠨ᠋ᠡᠨ ᠳ᠋ᠡᠭᠡᠨ ᠰᠦᠨ᠋ᠢᠳ ᠠᠢᠮᠠᠭ ᠨᠢ ᠮᠤᠩᠭᠤᠯ  ᠤᠨ ᠦᠨᠳᠤᠷᠯᠢᠭ᠌ ᠲᠠᠬᠢ ᠨᠡᠬᠦᠳᠡᠯᠴᠢᠨ ᠠᠢᠮᠠᠭ ᠤᠨ ᠲᠤᠮᠳᠠ ᠶᠠᠭᠡ ᠡᠷᠳᠡ ᠡᠴᠨ ᠲᠤᠮᠤ ᠠᠢᠮᠠᠭ ᠤᠭᠰᠠᠭ᠎ᠠ ᠶᠤᠮ᠃ ᠰᠦᠨ᠋ᠢᠳ ᠠᠢᠮᠠᠭ ᠤᠨ ᠠᠬᠠᠯᠠᠭᠴᠢ ᠬᠢᠯᠦᠭᠡᠨ ᠪᠠᠭ᠋ᠠᠳᠤᠷ ᠢ 《 ᠠᠯᠳᠠᠨ ᠬᠦᠷᠳᠤᠨ ᠮᠢᠩᠬ᠋ᠠᠨ ᠬᠡᠬᠡᠰᠤᠳᠤ》ᠬᠡᠮᠡᠬᠦ ᠲᠠᠤᠭᠡᠨ ᠰᠤᠳᠤᠷ ᠲᠤ《 ᠰᠦᠨ᠋ᠢᠳ ᠲᠦᠮᠡᠨ ᠢ ᠲᠠᠭ᠋ᠠᠭᠭ᠋ᠠᠭᠰᠠᠨ ᠬᠢᠯᠦᠭᠡᠳᠡᠢ ᠪᠠᠭ᠋ᠠᠳᠤᠷ》 ᠬᠡᠮᠡᠨ ᠲᠡᠮᠳᠡᠭᠯᠡᠵᠦ ᠪᠠᠢᠳᠠᠭ ᠃《 ᠬᠠᠳ ᠤᠨ ᠦᠨᠳᠤᠰᠤᠨ ᠤ ᠬᠤᠷᠢᠶᠠᠩᠭᠤᠢ ᠠᠯᠳᠠᠨ ᠲᠤᠪᠴᠢ》 ᠳᠤ《ᠰᠦᠨ᠋ᠢᠳ ᠤᠨ ᠰᠠᠢᠨ ᠬᠢᠯᠤᠭᠡᠳᠡᠢ ᠪᠠᠭ᠋ᠠᠳᠤᠷ》ᠬᠡᠮᠡᠨ ᠲᠡᠮᠳᠡᠭᠯᠡᠵᠦ ᠪᠤᠢ᠃ ᠬᠢᠯᠤᠭᠡᠳᠡᠢ ᠶᠢᠨ《 ᠳ᠋ᠠᠢ 》ᠭᠡᠳᠡᠭ ᠨᠢ ᠡᠷᠳᠡ ᠦᠶ᠎ᠡ ᠳᠤ ᠪᠠᠭ᠋ᠠᠳᠤᠷ ᠰᠠᠢᠨ ᠡᠷ᠎ᠡ ᠪᠤᠶᠤ ᠡᠷᠬᠢᠮ ᠲᠡᠭᠡᠳᠤᠰ ᠤᠨ ᠨᠡᠷ᠎ᠡ ᠶᠢᠨ ᠲᠤᠤᠷ᠎ᠠ ᠬᠦᠨᠳᠤᠳᠭᠡᠯ ᠤᠨ ᠤᠳᠬ᠎ᠠ ᠪᠡᠷ 《 ᠳ᠋ᠠᠢ》 ᠲᠠᠭ᠋ᠠᠭ᠋ᠤᠯᠳᠠᠭ(ᠡᠬᠦᠨ ᠲᠠᠢ ᠠᠳᠠᠯᠢ ᠪᠠᠷ ᠡᠷᠬᠢᠮ ᠬᠠᠳᠤᠳ ᠪᠤᠶᠤ ᠰᠤᠷᠪᠤᠯᠵᠢᠳᠤ ᠤᠭᠰᠠᠭ᠋ᠠᠨ ᠤ ᠠᠪᠠᠬᠠᠢ ᠶᠢᠨ ᠨᠡᠷ᠎ᠡ ᠶᠢᠨ ᠲᠤᠤᠷ᠎ᠠ ᠮᠦᠨ《ᠴᠢᠨ》 ᠲᠠᠭ᠋ᠠᠭ᠋ᠤᠯᠳᠠᠭ ᠪᠠᠢᠭᠰᠠᠨ) ᠡᠴᠨ ᠬᠢᠯᠦᠭᠡᠨ ᠪᠠᠭ᠋ᠠᠳᠤᠷ ᠢ ᠡᠷᠬᠦᠮᠵᠢᠯᠡᠨ ᠲᠠᠭ᠋ᠤᠳᠠᠭᠰᠠᠨ ᠠᠯᠳᠠᠷ ᠪᠤᠯᠤᠭᠰᠠᠠ ᠪᠠᠢᠨ᠎ᠠ᠃
原文 查看原文
出自 中国蒙古学 2014年 第4期

联系我们


内蒙古大学图书馆
呼和浩特市大学西路235号
中国·内蒙古
P: (0471) 4992561
E: huangfeilong@imu.edu.cn