论文信息


题名 ᠴᠢᠩ ᠤᠯᠤᠰ ᠤᠨ ᠰᠡᠭᠦᠯᠴᠢ ᠶᠢᠨ ᠦᠶ ᠡ ᠳ᠋ᠤ ᠬᠢᠵᠠᠭᠠᠷ ᠣᠷᠤᠨ ᠳ᠋ᠤ ᠮᠣᠵᠢ ᠪᠠᠢᠭᠤᠯᠬᠤ ᠪᠣᠳᠤᠯᠭ᠎ᠠ ᠵᠢ ᠬᠡᠷᠡᠭᠵᠢᠭᠦᠯᠦᠭᠰᠡᠨ ᠲᠣᠬᠠᠢ
作者 ᠰᠣᠳᠤᠪᠢᠯᠢᠭ᠌
关键词 ᠴᠢᠩ ᠤᠯᠤᠰ; ᠮᠣᠵᠠᠢ ᠪᠠᠢᠭᠤᠯᠬᠤ; ᠤᠴᠢᠷ ᠰᠢᠯᠲᠠᠭᠠᠨ; ᠦᠷ ᠡ ᠳ᠋ᠦᠩ
摘要 1840ᠣᠨ ᠤ ᠬᠠᠷ ᠠ ᠲᠠᠮᠠᠬᠢ ᠶᠢᠨ ᠲᠠᠢᠨ ᠡᠴᠡ ᠬᠤᠢᠰᠢ᠂ ᠲᠤᠮᠳᠠᠳᠤ ᠤᠯᠤᠰ ᠤᠨ ᠨᠡᠢᠭᠡᠮ ᠨᠢ ᠠᠭᠠᠵᠢᠮ ᠢᠢᠡᠷ ᠬᠠᠭᠠᠰ ᠹᠢᠸᠤᠳᠠᠯ ᠬᠠᠭᠠᠰ ᠺᠤᠯᠤᠨᠢ ᠶᠢᠨ ᠨᠡᠢᠭᠡᠮ ᠪᠣᠯᠵᠤ ᠬᠤᠪᠢᠷᠠᠪᠠ᠃ ᠡᠵᠡᠷᠭᠡᠭ ᠲᠦᠷᠢᠮᠡᠬᠡᠢ ᠬᠦᠴᠦᠷᠭᠡᠭ ᠤᠯᠤᠰ ᠤᠳ ᠲᠤᠮᠳᠠᠳᠤ ᠤᠯᠤᠰ ᠤᠨ ᠦᠷᠭᠡ ᠠᠭᠤᠳᠠᠮ ᠨᠤᠲᠤᠭ ᠲᠡᠪᠢᠰᠭᠡᠷ ᠲᠤ ᠡᠳᠦᠷ ᠢᠷᠡᠬᠦᠶ ᠡ ᠦᠩᠭᠡᠯᠵᠡᠵᠦ᠂ ᠰᠢᠨᠵᠢᠶᠠᠩ᠂ ᠮᠣᠩᠭᠤᠯ ᠂ ᠲᠦᠪᠡᠳ ᠵᠡᠷᠭᠡ ᠬᠢᠵᠠᠭᠠᠷ ᠣᠷᠨ ᠤ ᠪᠠᠢᠳᠠᠯ ᠲᠦᠭᠰᠢᠭᠦᠷᠢᠲᠡᠢ ᠪᠣᠯᠪᠠ᠃ ᠴᠢᠩ ᠤᠯᠤᠰ ᠤᠨ ᠵᠠᠰᠠᠭ ᠤᠨ ᠭᠠᠵᠠᠷ ᠤᠨ ᠬᠢᠠᠵᠠᠭᠠᠷ ᠣᠷᠤᠨ ᠳ᠋ᠤ ᠬᠡᠷᠡᠭᠵᠢᠭᠦᠯᠦᠭᠰᠡᠭᠡᠷ ᠢᠷᠡᠭᠰᠡᠨ ᠤᠤᠯ ᠲᠦᠷᠦ ᠶᠢᠨ ᠪᠣᠳᠤᠯᠭ᠎ ᠠ ᠨᠢ ᠨᠢᠭᠡᠨᠲᠡ ᠴᠠᠭ ᠤᠨ ᠪᠠᠢᠳᠠᠯ ᠳ᠋ᠤ ᠲᠤᠬᠢᠷᠠᠬᠤ ᠦᠭᠡᠢ ᠪᠣᠯᠵᠤ᠂ ᠡᠷᠭᠡᠪᠰᠢ ᠦᠭᠡᠷᠡᠴᠢᠯᠠᠬᠦ ᠪᠣᠶᠣ ᠲᠤᠬᠢᠷᠠᠭᠤᠯᠤᠯᠲᠠ ᠬᠢᠬᠦ ᠬᠡᠷᠡᠭᠲᠡᠢ ᠪᠣᠯᠪᠠ᠃ ᠡᠢᠮᠦ ᠪᠠᠢᠳᠠᠯ ᠲᠤᠤᠷ ᠠ᠂ ᠴᠢᠩ ᠤᠯᠤᠰ ᠤᠨ ᠵᠠᠰᠠᠭ《ᠵᠠᠩᠰᠢᠯ ᠢᠢᠡᠷ ᠨᠢ ᠵᠠᠰᠠᠬᠤ》 ᠪᠠ《ᠬᠡᠰᠡᠭᠯᠡᠨ ᠨᠤᠶᠠᠷᠬᠠᠬᠤ》ᠤᠯᠠᠮᠵᠢᠯᠠᠯᠲᠤ ᠪᠣᠳᠤᠯᠭ᠎ ᠠ ᠪᠠᠨ ᠦᠭᠡᠷᠡᠴᠢᠯᠠᠨ᠂ ᠬᠢᠯᠢ ᠬᠢᠵᠠᠭᠠᠷ ᠲᠡᠬᠢ ᠦᠨᠳᠦᠰᠦᠲᠡᠨ ᠤ ᠣᠷᠤᠨ ᠳ᠋ᠤ ᠵᠸᠦ ᠰᠢᠶᠠᠨ ᠢ ᠨᠡᠮᠡᠭᠳᠡᠭᠦᠯᠦᠨ᠂ ᠡᠴᠦᠰ ᠲᠤᠨᠢ ᠮᠣᠵᠢ ᠪᠠᠢᠭᠤᠯᠬᠤ ᠪᠡᠷ ᠲᠠᠮᠵᠢᠭᠤᠯᠤᠨ᠂ ᠦᠪᠡᠷ ᠤᠨ ᠨᠤᠶᠠᠷᠬᠠᠯ ᠢᠢᠡᠨ ᠪᠠᠲᠤᠯᠠᠨ ᠬᠠᠮᠠᠭᠠᠯᠠᠬᠤ ᠪᠣᠳᠤᠯᠭ᠎ᠠ ᠵᠢ ᠭᠡᠷᠡᠭᠵᠢᠬᠦᠯᠵᠡᠢ᠃ ᠦᠭᠦᠯᠡᠯ ᠳ᠋ᠤ᠂19 ᠳ᠋ᠤᠭᠡᠷ ᠵᠠᠭᠤᠨ ᠤ ᠨᠠᠶᠠᠭᠠᠳ ᠣᠨ ᠡᠴᠡ ᠬᠢᠵᠠᠭᠠᠷ ᠣᠷᠤᠨ ᠳ᠋ᠤ ᠮᠠᠵᠢ ᠪᠠᠢᠭᠤᠯᠬᠤ ᠪᠣᠳᠤᠯᠭ᠎ᠠ ᠵᠢ ᠬᠡᠷᠡᠭᠵᠢᠬᠦᠯᠦᠭᠰᠡᠨ ᠰᠢᠯᠲᠠᠭᠠᠨ ᠪᠠ ᠦᠷ ᠡ ᠳ᠋ᠦᠩ ᠢ ᠦᠭᠦᠯᠡᠡ ᠰᠢᠨᠵᠢᠯᠡᠵᠡᠢ᠃
原文 没有原文
出自 内蒙古社会科学(蒙文版) 2002年 第1期

联系我们


内蒙古大学图书馆
呼和浩特市大学西路235号
中国·内蒙古
P: (0471) 4992561
E: huangfeilong@imu.edu.cn