摘要 |
ᠶᠤᠸᠠᠨ ᠤᠯᠤᠰ ᠪᠤᠯ ᠳᠤᠮᠳᠠᠳᠤ ᠤᠯᠤᠰ ᠤᠨ ᠲᠡᠦᠬᠡᠨ ᠳᠡᠭᠡᠷᠡᠬᠢ ᠲᠠᠯ᠎ᠠ ᠨᠤᠲᠤᠭ ᠤᠨ ᠨᠡᠭᠦᠳᠡᠯᠴᠢᠨ ᠦᠨᠳᠦᠰᠦᠲᠡᠨ ᠡᠴᠡ ᠬᠢᠲᠠᠳ ᠣᠷᠤᠨ ᠢ ᠪᠦᠬᠦ ᠲᠠᠯ᠎ᠠ ᠪᠠᠷ ᠡᠵᠡᠮᠰᠢᠨ ᠵᠠᠬᠢᠷᠤᠭᠰᠠᠨ ᠠᠩ᠋ᠬᠠᠳᠠᠭᠴᠢ ᠲᠤᠮᠤ ᠡᠵᠡᠨᠲᠦ ᠤᠯᠤᠰ ᠪᠤᠯᠤᠨ᠎ᠠ᠃ ᠤᠪᠢᠯᠠᠢ ᠰᠡᠴᠡᠨ ᠬᠠᠭᠠᠨ ᠠᠴᠠ ᠣᠯᠠᠨ ᠦᠨᠳᠦᠰᠦᠲᠡᠨ᠂ ᠣᠯᠠᠨ ᠰᠢᠲᠦᠯᠭᠡᠲᠡᠨ᠂ ᠣᠯᠠᠨ ᠰᠤᠶᠤᠯᠲᠤ ᠣᠷᠤᠨ ᠢ ᠨᠢᠭᠡᠳᠭᠡᠨ ᠵᠠᠬᠢᠷᠬᠤ ᠶᠢᠨ ᠲᠤᠰᠠᠲᠠ ᠠᠯᠢ ᠪᠤᠳᠠᠲᠠᠢ ᠠᠷᠭ᠎ᠠ ᠬᠡᠮᠵᠢᠶ᠎ᠡ ᠠᠪᠤᠭᠰᠠᠨ ᠢᠶᠠᠷ ᠦᠯᠦ ᠪᠠᠷᠠᠮ ᠲᠡᠳᠡᠨ ᠦ ᠳᠠᠳᠬᠠᠯ ᠢ ᠨᠢ ᠦᠨᠳᠦᠰᠦᠯᠡᠵᠦ᠂ ᠨᠤᠶᠠᠷᠬᠠᠯ ᠢᠶᠠᠨ ᠪᠠᠲᠤᠳᠬᠠᠬᠤ ᠶᠢ ᠶᠡᠬᠡᠲᠡ ᠠᠩ᠋ᠬᠠᠷᠴᠠᠢ᠃ ᠢᠯᠠᠩ᠋ᠭᠤᠶ᠎ᠠ ᠬᠢᠲᠠᠳ ᠲᠦᠷᠦ ᠶᠤᠰᠤᠨ ᠤᠯᠠᠮᠵᠢᠯᠠᠯ ᠬᠢᠭᠡᠳ ᠮᠣᠩ᠋ᠭᠤᠯ ᠲᠦᠷᠦ ᠶᠤᠰᠤᠨ ᠢ ᠤᠶᠠᠯᠳᠤᠭᠤᠯᠤᠨ ᠨᠢᠭᠡᠳᠭᠡᠬᠦ ᠲᠠᠯ᠎ᠠ ᠪᠠᠷ ᠶᠡᠬᠡᠬᠡᠨ ᠬᠦᠴᠦ ᠵᠠᠷᠤᠴᠠᠭᠤᠯᠤᠭᠰᠠᠨ ᠭᠡᠵᠦ ᠬᠡᠯᠡᠵᠦ ᠪᠤᠯᠤᠨ᠎ᠠ᠃ ᠶᠤᠸᠠᠨ ᠤᠯᠤᠰ ᠤᠨ ᠬᠠᠤᠯᠢ ᠴᠠᠭᠠᠵᠠ ᠳᠠᠬᠢ ᠮᠣᠩ᠋ᠭᠤᠯ ᠲᠦᠷᠦ ᠶᠤᠰᠤᠨ ᠤ ᠤᠯᠠᠮᠵᠢᠯᠠᠯ ᠨᠢ ᠶᠠᠭ ᠡᠨᠡ ᠲᠠᠯ᠎ᠠ ᠶᠢᠨ ᠴᠢᠷᠮᠠᠢ᠌ᠯᠠᠭ᠎ᠠ ᠶᠢᠨ ᠪᠤᠳᠠᠲᠠᠢ ᠢᠯᠡᠷᠡᠯ ᠪᠤᠯᠬᠤ ᠶᠤᠮ᠃ |