| 摘要 | 
                ᠦᠨᠳᠦᠰᠦᠳᠡᠨ ᠤ ᠪᠦᠬᠦᠯᠢ ᠴᠤᠭᠴᠠ ᠶᠢᠨ ᠡᠭᠦᠳᠡᠨ ᠡᠴᠡ ᠠᠪᠴᠤ ᠬᠡᠯᠡᠪᠡᠯ᠂ ᠡᠬᠡ ᠬᠡᠯᠡ ᠪᠤᠯ ᠶᠠᠷᠢᠶᠠᠨ ᠦᠭᠡᠢ ᠦᠪᠡᠷ ᠤᠨ ᠦᠨᠳᠦᠰᠦᠳᠡᠨ ᠤ ᠬᠡᠯᠡ ᠮᠦᠨ᠃ ᠭᠡᠪᠡᠴᠦ ᠨᠡᠢ᠌ᠭᠡᠮ ᠲᠡᠦᠬᠡ ᠶᠢᠨ ᠬᠦᠭ᠍ᠵᠢᠯᠳᠡ ᠶᠢᠨ ᠪᠠᠢ᠌ᠳᠠᠯ ᠡᠴᠡ ᠠᠪᠴᠤ ᠬᠡᠯᠡᠪᠡᠯ᠂ ᠬᠡᠯᠡ ᠶᠢ ᠪᠠᠰᠠ ᠡᠬᠡ ᠬᠡᠯᠡ᠂ ᠬᠡᠷᠡᠭᠯᠡᠭᠡᠨ ᠤ ᠬᠡᠯᠡ᠂ ᠬᠤᠶᠠᠳᠤᠭᠠᠷ ᠬᠡᠯᠡ ᠭᠡᠬᠦ ᠮᠡᠳᠦ ᠪᠡᠷ ᠢᠯᠭᠠᠵᠤ ᠪᠤᠯᠤᠨᠠ᠃ ᠬᠡᠯᠡᠨ ᠤ ᠰᠤᠯᠢᠭᠳᠠᠯ ᠢ ᠡᠬᠡ ᠬᠡᠯᠡᠨ ᠤ ᠰᠢᠯᠵᠢᠯᠳᠡ ᠭᠡᠵᠦ ᠦᠵᠡᠵᠦ ᠪᠤᠯᠬᠤ ᠦᠭᠡᠢ᠃ ᠤᠯᠠᠨ ᠦᠨᠳᠦᠰᠦᠳᠡᠨ ᠲᠠᠢ ᠤᠯᠤᠰ ᠲᠤ ᠠᠪᠤᠴᠤ ᠬᠡᠯᠪᠡᠯ᠂ ᠡᠬᠡ ᠬᠡᠯᠡᠨ ᠤ ᠤᠷᠤᠰᠢᠬᠤ ᠬᠡᠯᠪᠡᠷᠢ ᠭᠡᠪᠡᠯ᠂ ᠬᠡᠷᠡᠭᠯᠡᠭᠡᠨ ᠤ ᠬᠡᠯᠡᠨ ᠤ ᠬᠡᠯᠪᠡᠷᠢ ᠪᠡᠷ ᠤᠷᠤᠰᠢᠬᠤ᠂ ᠪᠤᠰᠤᠳ ᠬᠡᠯᠡ ᠲᠠᠢ ᠵᠡᠷᠭᠡᠴᠡᠨ ᠤᠷᠤᠰᠢᠬᠤ᠂ ᠲᠠᠯᠳᠠᠯᠢᠭ ᠤᠷᠤᠰᠢᠬᠤ ᠭᠡᠬᠦ ᠭᠤᠷᠪᠠᠨ ᠵᠦᠢᠯ ᠤᠨ ᠬᠡᠯᠪᠡᠷᠢ ᠪᠤᠢ᠃ ᠲᠤᠰ ᠦᠭᠦᠯᠡᠯ ᠳᠤ ᠡᠬᠡ ᠬᠡᠯᠡᠨ ᠤ ᠲᠤᠬᠠᠢ ᠡᠯᠳᠡᠪ ᠵᠦᠢᠯ ᠤᠨ ᠦᠵᠡᠯᠳᠡ ᠪᠠ ᠤᠪᠤᠷ ᠵᠢᠴᠢ ᠲᠡᠭᠡᠵᠦ ᠦᠵᠡᠬᠦ  ᠶᠢᠨ ᠰᠢᠯᠳᠠᠭᠠᠨ ᠢ ᠲᠦᠭᠦᠮ ᠰᠢᠨᠵᠢᠯᠡᠪᠡ᠃ |