摘要 |
ᠠᠭᠸᠠᠨᠳᠠᠨᠳᠠᠷ ᡀᠡᠷᠠᠮᠪᠠ ᠪᠤᠯᠪᠠᠰᠤ ᠮᠣᠩ᠋ᠭᠤᠯ ᠰᠤᠶᠤᠯ ᠤᠨ ᠲᠡᠦᠬᠡᠨ ᠳᠡᠭᠡᠷᠡᠬᠢ ᠨᠡᠷᠡᠲᠦ ᠡᠷᠳᠮᠡᠲᠡᠨ ᠦ ᠨᠢᠭᠡᠨ ᠪᠦᠭᠡᠳ ᠣᠯᠠᠨ ᠲᠠᠯ᠎ᠠ ᠶᠢᠨ ᠮᠡᠳᠡᠯᠭᠡ ᠮᠡᠷᠭᠡᠵᠢᠯᠲᠡᠢ ᠬᠦᠮᠦᠨ ᠪᠠᠢ᠌ᠵᠠᠢ᠃ ᠲᠡᠭᠦᠨ ᠦ ᠬᠡᠯᠡ ᠪᠢᠴᠢᠭ᠌ ᠦᠨ ᠤᠬᠠᠭᠠᠨ ᠤ ᠲᠠᠯ᠎ᠠ ᠪᠠᠷ ᠬᠢ ᠲᠦᠯᠦᠭᠡᠯᠡᠬᠦ ᠪᠦᠲᠦᠭᠡᠯ ᠨᠢ 《ᠮᠣᠩ᠋ᠭᠤᠯ ᠦᠰᠦᠭ ᠦᠨ ᠶᠤᠰᠤᠨ ᠢ ᠰᠠᠢ᠌ᠲᠤᠷ ᠨᠤᠮᠯᠠᠭᠰᠠᠨ ᠬᠡᠯᠡᠨ ᠦ ᠴᠢᠮᠡᠭ》ᠪᠤᠯᠤᠨ᠎ᠠ᠃ ᠡᠨᠡ ᠬᠦ ᠵᠤᠬᠢᠶᠠᠯ ᠤᠨ ᠲᠡᠦᠬᠡᠨ ᠦᠨ᠎ᠡ ᠴᠠᠨ᠎ᠠ ᠢᠯᠠᠩ᠋ᠭᠤᠶ᠎ᠠ ᠵᠤᠬᠢᠶᠠᠯ ᠳᠤ ᠳᠤᠰᠬᠠᠭᠳᠠᠭᠰᠠᠨ ᠮᠣᠩ᠋ᠭᠤᠯ ᠬᠡᠯᠡᠨ ᠦ ᠵᠦᠪ ᠳᠠᠭᠤᠳᠠᠯᠭ᠎ᠠ ᠶᠢᠨ ᠳᠦᠷᠢᠮ ᠦᠨ ᠠᠰᠠᠭᠤᠳᠠᠯ ᠨᠢ ᠲᠡᠦᠬᠡ ᠶᠢᠨ ᠲᠡᠷᠡ ᠦᠶ᠎ᠡ ᠳᠡᠭᠡᠨ ᠪᠤᠯᠤᠨ ᠣᠳᠣ ᠦᠶ᠎ᠡ ᠶᠢᠨ ᠮᠣᠩ᠋ᠭᠤᠯ ᠬᠡᠯᠡᠨ ᠦ ᠳᠦᠷᠢᠮᠵᠢᠯ ᠳᠦ ᠴᠦᠮ ᠠᠴᠢ ᠬᠤᠯᠪᠤᠭᠳᠠᠯ ᠲᠠᠢ ᠪᠠᠢ᠌ᠭᠰᠠᠨ ᠪᠠ ᠪᠠᠢ᠌ᠭᠰᠠᠭᠠᠷ ᠪᠠᠢ᠌ᠭ᠎ᠠ ᠶᠤᠮ᠃ ᠲᠤᠭᠤᠷᠪᠢᠵᠤ ᠪᠠᠢ᠌ᠭ᠎ᠠ ᠦᠭᠦᠯᠡᠯ ᠳᠦ ᠵᠤᠬᠢᠶᠠᠭᠴᠢ ᠠᠴᠠ ᠡᠨᠡ ᠲᠤᠬᠠᠢ ᠰᠠᠨᠠᠯ ᠢᠶᠠᠨ ᠭᠤᠤᠯ ᠳᠡᠪᠰᠢᠭᠦᠯᠵᠡᠢ᠃ |