题名 |
ᠬᠤᠪᠤᠷ ᠰᠢᠷᠦᠢᠲᠦ ᠨᠢᠭᠡᠳᠪᠦᠷᠢ PrFe12-xNbx᠋ ᠶᠢᠨ ᠪᠦᠲᠦᠴᠡ ᠶᠢᠨ ᠵᠠᠳᠠᠯᠤᠯᠲᠠ ᠬᠢᠭᠡᠳ ᠲᠡᠭᠦᠨ ᠦ ᠳᠤᠯᠠᠭᠠᠴᠠ ᠶᠢᠨ ᠣᠨᠴᠠᠯᠢᠭ |
作者 |
ᠭᠦᠢ ᠸᠧᠨ ᠯᠦᠩ; ᠯᠢ ᠴᠧᠩ ᠱᠧᠤ; ᠸᠧᠨ ᠴᠧᠩ; ᠠᠮᠤᠭᠤᠯᠠᠩ; ᠠᠷᠢᠭᠤᠨᠭᠤᠤᠠ; ᠹᠦᠴᠢᠤᠸᠠᠨ |
关键词 |
1᠄12 ᠹᠠᠰ ᠲᠠᠯᠠᠰᠲᠤ ᠪᠦᠲᠦᠴᠡ; ᠺᠶᠦ᠋ᠷᠢ ᠳᠤᠯᠠᠭᠠᠴᠠ |
摘要 |
ᠴᠠᠬᠢᠯᠭᠠᠨ ᠬᠦᠪᠴᠢᠲᠦ ᠵᠤᠤᠬᠠᠨ ᠳᠤ ᠬᠠᠢᠯᠤᠭᠤᠯᠬᠤ ᠠᠷᠭ᠎ᠠ ᠪᠠᠷ PrFe12-xNbx᠋(x=0.65᠂ 0.70᠂ 0.80) ᠨᠢᠭᠡᠳᠪᠦᠷᠢ ᠶᠢ ᠵᠤᠬᠢᠶᠠᠵᠤ᠂ X ᠰᠠᠴᠤᠷᠠᠭ ᠤᠨ ᠲᠦᠭᠡᠯᠳᠡᠮᠧᠲ᠋ᠷ (XRD) ᠪᠤᠯᠤᠨ Lakehore 7407 ᠮᠠᠶᠢᠭ ᠤᠨ ᠬᠡᠯᠪᠡᠯᠵᠡᠯᠲᠡ ᠦᠯᠢᠭᠡᠷ ᠡᠳ᠋ ᠦᠨ ᠮᠠᠨᠠᠧᠲ᠋ᠤᠮᠧᠲ᠋ᠷ (VSM)᠋ ᠢᠶᠡᠷ ᠲᠡᠭᠦᠨ ᠦ ᠲᠠᠯᠠᠰᠲᠤ ᠪᠦᠲᠦᠴᠡ ᠪᠡ ᠳᠤᠯᠠᠭᠠᠴᠠ ᠶᠢᠨ ᠣᠨᠴᠠᠯᠢᠭ ᠢ ᠰᠤᠳᠤᠯᠵᠠᠢ᠃ X ᠰᠠᠴᠤᠷᠠᠭ ᠤᠨ ᠲᠦᠭᠡᠯᠳᠡᠮᠧᠲ᠋ᠷ ᠤᠨ ᠦᠷ᠎ᠡ ᠳ᠋ᠦᠩ ᠳᠦ᠄ ᠡᠳᠡᠭᠡᠷ ᠨᠢᠭᠡᠳᠪᠦᠷᠢ ᠪᠦᠷ ThMn12 ᠮᠠᠶᠢᠭ ᠤᠨ ᠳᠦᠷᠪᠡᠨ ᠦᠨᠴᠦᠭᠲᠦ ᠪᠦᠲᠦᠴᠡ ᠲᠡᠢ ᠪᠠᠢᠵᠤ᠂ ᠣᠭᠲᠠᠷᠭᠤᠢ ᠶᠢᠨ ᠰᠦᠷᠦᠭ ᠨᠢ 14/mmm᠋ ᠳᠤ ᠬᠠᠷᠢᠶᠠᠯᠠᠭᠳᠠᠬᠤ ᠶᠢ ᠬᠠᠷᠠᠭᠤᠯᠵᠠᠢ᠃ ᠨᠢᠤᠪᠢ (Nb) ᠡᠯᠧᠮᠧᠨ᠋ᠲ ᠤᠨ ᠠᠭᠤᠯᠤᠭᠳᠠᠴᠠ ᠶᠢᠨ ᠨᠡᠮᠡᠭᠳᠡᠬᠦ ᠶᠢ ᠳᠠᠭᠠᠯᠳᠤᠨ ᠯᠠᠲ᠋ᠢᠰ ᠤᠨ ᠪᠠᠢᠩᠭᠤ ᠬᠡᠮᠵᠢᠭᠳᠡᠭᠦᠨ a᠂ b ᠪᠤᠯᠤᠨ ᠲᠠᠯᠠᠰᠲᠤ ᠡᠰ ᠦᠨ ᠡᠵᠡᠯᠡᠭᠦᠨ ᠨᠢ ᠶᠡᠬᠡᠳᠦᠭᠰᠡᠨ ᠪᠤᠯᠪᠠᠴᠤ᠂ ᠯᠠᠲ᠋ᠢᠰ ᠤᠨ ᠪᠠᠢᠩᠭᠤ ᠬᠡᠮᠵᠢᠭᠳᠡᠭᠦᠨ c᠋ ᠳᠤ ᠢᠯᠡᠷᠬᠡᠢ ᠬᠤᠪᠢᠷᠠᠯᠲᠠ ᠭᠠᠷᠤᠭᠰᠠᠨ ᠦᠭᠡᠢ᠃ ᠨᠢᠭᠡᠳᠪᠦᠷᠢ ᠶᠢᠨ ᠺᠶᠦ᠋ᠷᠢ ᠳᠤᠯᠠᠭᠠᠴᠠ ᠨᠢ ᠬᠠᠷᠢᠨ Nb᠋ ᠤᠨ ᠠᠭᠤᠯᠠᠭᠳᠠᠴᠠ ᠶᠢᠨ ᠨᠡᠮᠡᠭᠳᠡᠬᠦ ᠶᠢ ᠳᠠᠭᠠᠯᠳᠤᠨ ᠳᠤᠷᠤᠭᠰᠢᠯᠠᠭᠰᠠᠨ ᠪᠠᠢᠨ᠎ᠠ᠃ |
原文 |
没有原文
|
出自 |
内蒙古师范大学学报(自然科学蒙古文版)
2012年
第2期
|