题名 |
ᠲᠡᠦᠬᠡᠨ ᠬᠦᠮᠦᠨ ᠳ᠋ᠠᠮᠪᠢᠵᠠᠯᠰᠠᠨ ᠬᠢᠭᠡᠳ 《ᠴᠠᠭᠠᠴᠢᠨ ᠤ ᠵᠠᠮ》ᠷᠤᠮᠠᠨ ᠳᠤ ᠳᠦᠷᠰᠦᠯᠡᠭᠳᠡᠭᠰᠡᠨ ᠲᠡᠭᠦᠨ ᠦ ᠳᠦᠷᠢ ᠶᠢ ᠰᠢᠨᠵᠢᠯᠡᠬᠦ ᠨᠢ |
作者 |
ᠠᠨ᠂ ᠮᠠᠨᠳᠠᠷᠤᠠ |
关键词 |
ᠲᠡᠦᠬᠡᠨ ᠬᠦᠮᠦᠨ ᠳ᠋ᠠᠮᠪᠢᠵᠠᠯᠰᠠᠨ; 《ᠴᠠᠭᠠᠴᠢᠨ ᠤ ᠵᠠᠮ》ᠷᠤᠮᠠᠨ; ᠤᠷᠠᠨ ᠳᠦᠷᠢ |
摘要 |
《ᠴᠠᠭᠠᠴᠢᠨ ᠤ ᠵᠠᠮ》ᠭᠡᠬᠦ ᠷᠤᠮᠠᠨ ᠤ ᠭᠤᠤᠯ ᠳᠦᠷᠢ ᠪᠤᠯᠬᠤ ᠳ᠋ᠠᠮᠪᠢᠵᠠᠯᠰᠠᠨ ᠪᠤᠯ 19᠋ ᠳᠦᠭᠡᠷ ᠵᠠᠭᠤᠨ ᠤ ᠰᠡᠭᠦᠯᠴᠢ 20᠋ ᠳᠤᠭᠠᠷ ᠵᠠᠭᠤᠨ ᠤ ᠡᠬᠢᠨ ᠦᠶ᠎ᠡ ᠳᠦ ᠠᠮᠢᠳᠤᠷᠠᠵᠤ ᠪᠠᠢ᠌ᠭᠰᠠᠨ᠂ ᠣᠷᠤᠰ᠂ ᠮᠣᠩ᠋ᠭᠤᠯ᠂ ᠳᠤᠮᠳᠠᠳᠤ ᠭᠤᠷᠪᠠᠨ ᠤᠯᠤᠰ ᠤᠨ ᠪᠠᠷᠠᠭᠤᠨ ᠬᠢᠵᠠᠭᠠᠷ ᠤᠨ ᠨᠤᠲᠤᠭ ᠤᠳ ᠢᠶᠠᠷ ᠦᠢᠯᠡ ᠠᠵᠢᠯᠯᠠᠭ᠎ᠠ ᠪᠠᠨ ᠦᠷᠨᠢᠭᠦᠯᠵᠦ ᠪᠠᠢ᠌ᠭᠰᠠᠨ᠂ ᠠᠷᠠᠳ ᠲᠦᠮᠡᠨ ᠦ ᠳᠤᠮᠳᠠ ᠨᠡᠯᠢᠶᠡᠳ ᠶᠡᠬᠡ ᠨᠦᠯᠦᠭᠡ ᠳᠤᠰᠬᠠᠯ ᠲᠠᠢ ᠲᠡᠦᠬᠡᠲᠦ ᠬᠦᠮᠦᠨ ᠶᠤᠮ᠃ ᠦᠭᠦᠯᠡᠯ ᠳᠦ ᠵᠠᠯᠠᠭᠤ ᠵᠤᠬᠢᠶᠠᠯᠴᠢ ᠬᠢᠨᠠᠮᠠᠭᠠᠢ ᠶᠢᠨ 《ᠴᠠᠭᠠᠴᠢᠨ ᠤ ᠵᠠᠮ》ᠭᠡᠬᠦ ᠲᠡᠦᠬᠡᠨ ᠷᠤᠮᠠᠨ ᠤ ᠭᠤᠤᠯ ᠳᠦᠷᠢ ᠪᠤᠯᠬᠤ ᠳ᠋ᠠᠮᠪᠢᠵᠠᠯᠰᠠᠨ ᠤ ᠦᠨᠡᠨ ᠪᠤᠳᠠᠲᠤ ᠳᠦᠷᠢ ᠬᠢᠭᠡᠳ ᠤᠷᠠᠯᠢᠭ ᠤᠨ ᠳᠦᠷᠢ ᠶᠢᠨ ᠲᠤᠬᠠᠢ ᠰᠤᠳᠤᠯᠤᠭᠴᠢᠳ ᠤᠨ ᠲᠡᠦᠬᠡᠨ ᠲᠡᠮᠳᠡᠭᠯᠡᠯ᠂ ᠨᠤᠮ ᠵᠤᠬᠢᠶᠠᠯ᠂ ᠠᠷᠠᠳ ᠤᠨ ᠠᠮᠠᠨ ᠤᠯᠠᠮᠵᠢᠯᠠᠯ ᠶᠠᠷᠢᠶ᠎ᠠ ᠵᠡᠷᠭᠡ ᠪᠤᠳᠠᠲᠤ ᠮᠠᠲ᠋ᠧᠷᠢᠶᠠᠯ ᠢ ᠦᠨᠳᠦᠰᠦᠯᠡᠵᠦ᠂ ᠦᠨᠡᠨ ᠪᠤᠳᠠᠲᠠᠢ ᠪᠠᠷ ᠵᠠᠳᠠᠯᠤᠨ ᠰᠢᠨᠵᠢᠯᠡᠵᠦ᠂ ᠮᠦᠨ ᠳᠦᠷᠢ ᠶᠢᠨ ᠲᠡᠦᠬᠡᠨ ᠦᠨᠡᠨ ᠬᠢᠭᠡᠳ ᠤᠷᠠᠯᠢᠭ ᠤᠨ ᠦᠨᠡᠨ ᠦ ᠨᠢᠭᠡᠲᠦᠯ ᠪᠤᠯᠤᠭᠰᠠᠨ ᠵᠢᠮ᠎ᠡ ᠶᠤᠰᠤ ᠵᠡᠷᠭᠡ ᠶᠢ ᠳ᠋ᠦᠩᠨᠡᠨ ᠲᠤᠳᠤᠷᠬᠠᠢ᠌ᠯᠠᠭᠰᠠᠨ ᠪᠠᠢ᠌ᠨ᠎ᠠ᠃ |
原文 |
查看原文
|
出自 |
中国蒙古学
2013年
第4期
|