题名 |
ᠠᠷᠤ ᠬᠣᠷᠴᠢᠨ ᠤᠯᠤᠰ ᠤᠨ ᠳᠡᠰ ᠦᠨ ᠪᠠᠢᠭᠠᠯᠢ ᠶᠢᠨ ᠬᠠᠮᠠᠭᠠᠯᠠᠯᠲᠠ ᠶᠢᠨ ᠣᠷᠤᠨ ᠳᠠᠬᠢ ᠬᠡᠭᠡᠷ᠎ᠡ ᠶᠢᠨ ᠠᠮᠢᠲᠠᠨ ᠤ ᠣᠯᠠᠨ ᠵᠦᠢᠯᠲᠦ ᠴᠢᠨᠠᠷ ᠬᠢᠭᠡᠳ ᠬᠠᠮᠭᠠᠯᠠᠯᠲᠠ |
作者 |
ᠨᠠᠬᠢᠶ᠎ᠠ; ᠵᠤᠤ ᠭᠡᠷᠡᠯᠲᠦ |
关键词 |
ᠠᠷᠤ ᠬᠣᠷᠴᠢᠨ ᠪᠠᠢᠭᠠᠯᠢ ᠶᠢᠨ ᠬᠠᠮᠠᠭᠠᠯᠠᠯᠲᠠ ᠶᠢᠨ ᠣᠷᠤᠨ; ᠬᠡᠭᠡᠷ᠎ᠡ ᠶᠢᠨ ᠠᠮᠢᠲᠠᠨ; ᠣᠯᠠᠨ ᠵᠦᠢᠯᠲᠦ ᠴᠢᠨᠠᠷ |
摘要 |
ᠤᠯᠠᠭᠠᠨᠬᠠᠳᠠ ᠬᠤᠲᠠ ᠶᠢᠨ ᠠᠷᠤ ᠬᠣᠷᠴᠢᠨ ᠬᠤᠰᠢᠭᠤᠨ ᠤ ᠵᠡᠭᠦᠨ ᠡᠮᠦᠨ᠎ᠡ ᠬᠡᠰᠡᠭ᠂ ᠬᠣᠷᠴᠢᠨ ᠡᠯᠡᠰᠦ ᠶᠢᠨ ᠪᠠᠷᠠᠭᠤᠨ ᠬᠤᠢᠲᠤ ᠬᠦᠪᠡᠭᠡᠨ ᠳᠦ ᠠᠷᠤ ᠬᠣᠷᠴᠢᠨ ᠤᠯᠤᠰ ᠤᠨ ᠳᠡᠰ ᠦᠨ ᠪᠠᠢᠭᠠᠯᠢ ᠶᠢᠨ ᠬᠠᠮᠠᠭᠠᠯᠠᠯᠲᠠ ᠶᠢᠨ ᠣᠷᠤᠨ ᠪᠠᠢᠳᠠᠭ᠃ 2012 — 2013 ᠣᠨ ᠳᠤ᠂ ᠠᠷᠤ ᠬᠣᠷᠴᠢᠨ ᠤᠯᠤᠰ ᠤᠨ ᠳᠡᠰ ᠦᠨ ᠪᠠᠢᠭᠠᠯᠢ ᠶᠢᠨ ᠬᠠᠮᠠᠭᠠᠯᠠᠯᠲᠠ ᠶᠢᠨ ᠣᠷᠤᠨ ᠳᠠᠬᠢ ᠬᠡᠭᠡᠷ᠎ᠡ ᠶᠢᠨ ᠠᠮᠢᠲᠠᠨ ᠤ ᠲᠦᠷᠦᠯ ᠵᠤᠢᠯ ᠳᠤ ᠪᠠᠢᠴᠠᠭᠠᠯᠲᠠ ᠬᠢᠭᠰᠡᠨ ᠦ ᠳ᠋ᠦᠩ ᠳᠦ᠄ ᠵᠢᠭᠠᠰᠤᠨ ᠤ ᠵᠤᠢᠯ 5 ᠳᠦᠷᠰᠦ᠂ ᠬᠤᠶᠠᠷ ᠨᠤᠲᠤᠭᠲᠠᠨ 2 ᠳᠦᠷᠰᠦ᠂ ᠮᠦᠯᠬᠦᠭᠴᠢᠳ 2 ᠳᠦᠷᠰᠦ᠂ ᠰᠢᠪᠠᠭᠤᠨ ᠤ ᠵᠤᠢᠯ 109 ᠨᠳᠦᠷᠰᠦ ᠪᠡ ᠬᠦᠬᠦᠲᠡᠨ 10 ᠳᠦᠷᠰᠦ᠂ ᠨᠡᠢᠲᠡ 128 ᠳᠦᠷᠰᠦ ᠬᠡᠭᠡᠷ᠎ᠡ ᠶᠢᠨ ᠠᠮᠢᠲᠠᠨ ᠢ ᠲᠡᠮᠳᠡᠭᠯᠡᠵᠦ᠂ ᠲᠤᠰ ᠪᠠᠢᠭᠠᠯᠢ ᠶᠢᠨ ᠬᠠᠮᠭᠠᠯᠠᠯᠲᠠ ᠶᠢᠨ ᠣᠷᠤᠨ ᠤ ᠤᠤᠯ ᠤᠨ ᠲᠡᠮᠳᠡᠭᠯᠡᠯ ᠲᠡᠢ ᠪᠡᠨ ᠨᠡᠢᠯᠡᠭᠦᠯᠦᠭᠡᠳ᠂ 216 ᠳᠦᠷᠰᠦ ᠠᠮᠢᠲᠠᠨ ᠢ ᠪᠦᠷᠢᠳᠭᠡᠵᠡᠢ᠃ ᠡᠭᠦᠨ ᠳᠦ ᠤᠯᠤᠰ ᠤᠨ ᠨᠢᠭᠡᠳᠦᠭᠡᠷ ᠳᠡᠰ ᠦᠨ ᠬᠠᠮᠠᠭᠠᠯᠠᠯᠲᠠ ᠶᠢᠨ ᠠᠮᠢᠲᠠᠨ 4 ᠳᠦᠷᠰᠦ᠂ ᠬᠤᠶᠠᠳᠤᠭᠠᠷ ᠳᠡᠰ ᠦᠨ ᠬᠠᠮᠠᠭᠠᠯᠠᠯᠲᠠ ᠶᠢᠨ ᠠᠮᠢᠲᠠᠨ 35 ᠳᠦᠷᠰᠦ ᠪᠠᠢᠵᠤ᠂ ᠪᠦᠬᠦ ᠳᠦᠷᠰᠦ ᠶᠢᠨ ᠲᠤᠭᠠᠨ ᠤ 18% ᠶᠢ ᠡᠵᠡᠯᠡᠨ᠎ᠡ᠃ ᠲᠤᠰ ᠪᠠᠢᠭᠠᠯᠢ ᠶᠢᠨ ᠬᠠᠮᠠᠭᠠᠯᠠᠯᠲᠠ ᠶᠢᠨ ᠣᠷᠤᠨ ᠨᠢ ᠬᠣᠷᠴᠢᠨ ᠡᠯᠡᠰᠦ ᠶᠢᠨ ᠦᠷᠭᠡᠵᠢᠬᠦ ᠶᠢ ᠬᠤᠷᠢᠭᠯᠠᠵᠤ᠂ ᠬᠡᠭᠡᠷ᠎ᠡ ᠶᠢᠨ ᠠᠮᠢᠲᠠᠨ ᠤ ᠣᠯᠠᠨ ᠵᠦᠢᠯᠲᠦ ᠴᠢᠨᠠᠷ ᠢ ᠬᠠᠮᠠᠭᠠᠯᠠᠬᠤ ᠵᠢᠴᠢ ᠬᠣᠷᠴᠢᠨ ᠡᠯᠡᠰᠦᠨ ᠳᠦ ᠠᠮᠢ ᠠᠬᠤᠢ ᠣᠷᠴᠢᠨ ᠲᠤᠭᠤᠷᠢᠨ ᠤ ᠰᠤᠳᠤᠯᠭᠠᠨ ᠬᠢᠬᠦ ᠳᠦ ᠭᠦᠨ ᠠᠴᠢ ᠬᠤᠯᠪᠤᠭᠳᠠᠯ ᠲᠠᠢ ᠶᠤᠮ᠃ |
原文 |
没有原文
|
出自 |
内蒙古师范大学学报(自然科学蒙古文版)
2013年
第4期
|