摘要 |
ᠲᠤᠰ ᠦᠭᠦᠯᠡᠯ ᠳᠦ ᠂ ᠵᠤᠬᠢᠶᠠᠭᠴᠢ ᠠᠴᠠ ᠠᠨᠳᠠᠢ ᠳᠤ 《ᠰᠤᠶᠤᠯ ᠬᠦᠮᠦᠨ ᠵᠦᠢ》᠋ ᠶᠢᠨ ᠵᠠᠳᠠᠯᠤᠯᠲᠠ ᠬᠢᠵᠦ᠂ 《ᠠᠨᠳᠠᠢ ᠪᠤᠯ ᠮᠣᠩ᠋ᠭᠤᠯᠴᠤᠳ ᠤᠨ ᠰᠤᠶᠤᠯ ᠲᠡᠦᠬᠡ ᠶᠢᠨ ᠨᠢᠭᠡᠨ ᠬᠡᠯᠪᠡᠷᠢ ᠮᠦᠨ᠃ ᠲᠡᠷᠡ ᠳᠠᠩ ᠴᠤᠯᠭᠤᠢ ᠳᠠᠭᠤᠯᠠᠵᠤ ᠪᠦᠵᠢᠭᠯᠡᠬᠦ ᠤᠷᠠᠯᠢᠭ ᠲᠡᠳᠦᠢ ᠯᠡ ᠪᠢᠰᠢ᠂ ᠬᠠᠷᠢᠨ ᠮᠣᠩ᠋ᠭᠤᠯ ᠰᠤᠶᠤᠯ ᠤᠬᠠᠮᠰᠠᠷ ᠤᠨ ᠭᠠᠨᠵᠤᠭᠠᠯᠠᠭᠴᠢ ᠪᠤᠯᠠᠢ》ᠭᠡᠰᠡᠨ ᠴᠤ᠋ ᠰᠢᠨ᠎ᠡ ᠦᠵᠡᠯᠲᠡ ᠶᠢ ᠳᠡᠪᠰᠢᠭᠦᠯᠵᠡᠢ᠃ ᠡᠨᠡᠬᠦ ᠦᠵᠡᠯᠲᠡ ᠪᠡᠨ ᠮᠣᠩ᠋ᠭᠤᠯᠴᠤᠳ ᠤᠨ ᠪᠠᠯᠠᠷ ᠡᠷᠲᠡᠨ ᠦ 《ᠰᠠᠭᠯᠠᠭᠠᠷ ᠮᠤᠳᠤ ᠶᠢ ᠲᠤᠭᠤᠷᠢᠨ ᠳᠡᠪᠰᠡᠬᠦ ᠵᠠᠩᠰᠢᠯ》ᠵᠡᠷᠭᠡ ᠮᠠᠰᠢ ᠣᠯᠠᠨ ᠰᠤᠶᠤᠯ ᠤᠬᠠᠮᠰᠠᠷ ᠤᠨ ᠰᠤᠷᠪᠤᠯᠵᠢ ᠪᠠᠷ ᠪᠠᠷᠢᠮᠲᠠ ᠪᠤᠯᠭᠠᠵᠤ ᠨᠤᠲᠠᠯᠠᠬᠤ ᠶᠠᠪᠤᠴᠠ ᠳᠠᠭᠠᠨ 《ᠮᠤᠳᠤ ᠴᠢᠯᠠᠭᠤᠨ ᠤ ᠪᠠᠷᠢᠯᠳᠤᠯᠭ᠎ᠠ》᠂ 《ᠮᠤᠳᠤ ᠰᠢᠪᠠᠭᠤᠨ ᠤ ᠪᠠᠷᠢᠯᠳᠤᠯᠭ᠎ᠠ》; 《ᠲᠡᠷᠭᠡᠨ ᠲᠡᠩᠬᠡᠯᠢᠭ᠌ — ᠡᠷ᠎ᠡ ᠪᠡᠯᠭᠡ ᠶᠢᠨ ᠪᠡᠯᠭᠡᠳᠡᠯ — ᠦᠷᠡᠵᠢᠯ ᠦᠨ ᠰᠢᠲᠦᠯᠭᠡ》ᠵᠡᠷᠭᠡ ᠨᠢᠭᠡᠨ ᠬᠡᠯᠬᠢᠶ᠎ᠡ ᠰᠢᠨ᠎ᠡ ᠦᠵᠡᠯᠲᠡ ᠶᠢ ᠨᠡᠷᠡᠵᠦ ᠭᠠᠷᠭᠠᠭᠰᠠᠨ ᠪᠠᠢ᠌ᠨ᠎ᠠ᠃ |