论文信息


题名 ᠡᠷᠲᠡ ᠪᠦᠬᠦ ᠰᠢᠨ᠎ᠡ ᠦᠶ᠎ᠡ ᠶᠢᠨ ᠤᠯᠠᠭᠠᠨ ᠪᠦᠬᠡ ᠡᠯᠡᠰᠦᠨ ᠴᠦᠯ ᠳᠡᠬᠢ ᠨᠠᠭᠤᠷ ᠤᠨ ᠤᠯᠠᠷᠢᠨ ᠬᠤᠪᠢᠷᠠᠯᠲᠠ
作者 ᠵᠤᠤ ᠳ᠋ᠠᠨ ᠳ᠋ᠠᠨ
关键词 ᠤᠯᠠᠭᠠᠨ ᠪᠦᠬᠡ ᠡᠯᠡᠰᠦᠨ ᠴᠦᠯ; ᠡᠷᠲᠡ ᠪᠦᠬᠦ ᠰᠢᠨ᠎ᠡ ᠦᠶ᠎ᠡ; ᠡᠷᠲᠡᠨ ᠦ ᠨᠠᠭᠤᠷ
摘要 ᠤᠯᠠᠭᠠᠨ ᠪᠦᠬᠡ ᠡᠯᠡᠰᠦᠨ ᠴᠦᠯ ᠳᠦ ᠦᠷᠭᠡᠨ ᠬᠡᠪᠴᠢᠶᠡᠨ ᠦ ᠬᠡᠭᠡᠷ᠎ᠡ ᠭᠠᠳᠠᠨᠠᠬᠢ ᠰᠢᠨᠵᠢᠯᠡᠯᠲᠡ ᠬᠢᠬᠦ ᠪᠡᠷ ᠳᠠᠮᠵᠢᠨ᠂ ᠲᠡᠳᠡᠭᠡᠷ ᠲᠦ OSL ᠪᠠ ᠨᠡᠭᠦᠷᠡᠰᠦᠳᠦ᠋ᠷᠦᠭᠴᠢ C-14 ᠪᠠᠷ ᠴᠠᠭ ᠦᠶ᠎ᠡ ᠶᠢ ᠰᠤᠳᠤᠯᠬᠤ ᠠᠷᠭ᠎ᠠ ᠶᠢ ᠬᠡᠷᠡᠭᠯᠡᠵᠦ᠂ ᠤᠯᠠᠭᠠᠨ ᠪᠦᠬᠡ ᠡᠯᠡᠰᠦᠨ ᠴᠦᠯ ᠳᠦ ᠣᠷᠤᠰᠢᠵᠤ ᠪᠠᠢᠭ᠎ᠠ ᠡᠷᠲᠡᠨ ᠦ ᠨᠠᠭᠤᠷ ᠤᠨ ᠳᠡᠨᠵᠢ ᠶᠢᠨ ᠲᠤᠨᠤᠮᠠᠯ ᠪᠤᠳᠠᠰ᠂ ᠨᠠᠭᠤᠷ ᠤᠨ ᠡᠯᠡᠰᠦᠨ ᠬᠤᠰᠢᠭᠤ ᠪᠤᠯᠤᠨ ᠡᠯᠡᠰᠦᠨ ᠳᠤᠪᠤᠷᠬᠠᠭ ᠤᠨ ᠬᠤᠭᠤᠷᠤᠨᠳᠤᠬᠢ ᠭᠦᠨ ᠴᠡᠩᠭᠡᠷ ᠨᠠᠩᠭᠢ ᠰᠢᠷᠦᠢ ᠬᠢᠭᠡᠳ ᠬᠠᠪᠲᠠᠭᠠᠢ ᠤᠷᠢᠶᠠᠮᠠᠯ ᠬᠢᠰᠤᠭ᠎ᠠ ᠪᠠ ᠲᠤᠩ ᠵᠡᠷᠭᠡ ᠡᠷᠲᠡᠨ ᠦ ᠠᠮᠢᠳᠤ ᠪᠤᠳᠠᠰ ᠤᠨ ᠦᠯᠡᠳᠡᠭᠳᠡᠯ ᠳᠦ ᠴᠠᠭ ᠦᠶ᠎ᠡ ᠶᠢᠨ ᠬᠡᠮᠵᠢᠯᠲᠡ ᠬᠢᠵᠡᠢ᠃ ᠬᠡᠮᠵᠢᠭᠰᠡᠨ ᠳ᠋ᠦᠩ ᠳᠦ᠄ ᠲᠤᠩ ᠤᠨ ᠪᠤᠢ ᠪᠤᠯᠤᠭᠰᠠᠨ ᠴᠠᠭ ᠦᠶ᠎ᠡ ᠶᠢᠨ ᠣᠯᠠᠩᠭᠢ ᠨᠢ 9.9 ~ 9.4kaBP.᠋ ᠶᠢᠨ ᠬᠤᠭᠤᠷᠤᠨᠳᠤ ᠣᠷᠤᠰᠢᠵᠤ᠂ ᠣᠳᠣ ᠶᠢᠨ ᠡᠯᠡᠰᠦᠨ ᠴᠦᠯ ᠨᠢ ᠡᠷᠲᠡᠨ ᠦ ᠨᠠᠭᠤᠷ ᠪᠠᠢᠭᠰᠠᠨ ᠢ ᠨᠤᠲᠠᠯᠠᠵᠠᠢ᠃ ᠨᠠᠭᠤᠷ ᠤᠨ ᠡᠷᠭᠢ ᠶᠢᠨ ᠲᠤᠨᠤᠮᠠᠯ ᠪᠤᠳᠠᠰ ᠨᠢ 7.71kaBP. ᠣᠷᠴᠢᠮ ᠪᠤᠢ ᠪᠤᠯᠵᠠᠢ᠃ ᠪᠠᠷᠤᠭ ᠣᠳᠣ ᠠᠴᠠ 8 ᠮᠢᠩᠭᠠᠨ ᠵᠢᠯ ᠦᠨ ᠡᠮᠦᠨᠡᠬᠢ ᠦᠶ᠎ᠡ ᠶᠢᠨ ᠰᠡᠭᠦᠯᠡᠷ ᠲᠤᠰ ᠣᠷᠤᠨ ᠤ ᠠᠭᠤᠷ ᠠᠮᠢᠰᠬᠤᠯ ᠨᠢ ᠭᠠᠩ ᠬᠠᠭᠤᠷᠠᠢ ᠪᠤᠯᠵᠤ᠂ ᠡᠷᠲᠡᠨ ᠦ ᠨᠠᠭᠤᠷ ᠤᠨ ᠤᠰᠤ ᠡᠬᠢᠯᠡᠨ ᠱᠤᠷᠪᠤᠭᠵᠢᠵᠤ᠂ ᠤᠰᠤᠨ ᠲᠦᠪᠰᠢᠨ ᠳᠤᠷᠤᠭᠰᠢᠯᠠᠨ᠂ ᠡᠮᠦᠨ᠎ᠡ ᠡᠴᠡ ᠬᠤᠢᠨ᠎ᠠ ᠵᠦᠭ ᠬᠠᠳᠠᠩᠭᠢᠷᠠᠵᠤ᠂ ᠡᠷᠲᠡᠨ ᠦ ᠨᠠᠭᠤᠷ ᠵᠠᠳᠠᠷᠠᠨ᠂ ᠨᠠᠭᠤᠷ ᠤᠨ ᠬᠤᠷᠠᠳᠠᠰᠤ ᠰᠠᠯᠬᠢᠨ ᠤ ᠦᠯᠢᠶᠡᠭᠳᠡᠭᠡᠳ ᠣᠳᠤᠬᠠᠨ ᠤ ᠤᠯᠠᠭᠠᠨ ᠪᠦᠬᠡ ᠡᠯᠡᠰᠦᠨ ᠴᠦᠯ ᠪᠤᠯᠤᠭᠰᠠᠨ ᠪᠠᠢᠨ᠎ᠠ᠃
原文 没有原文
出自 内蒙古师范大学学报(自然科学蒙古文版) 2014年 第3期

联系我们


内蒙古大学图书馆
呼和浩特市大学西路235号
中国·内蒙古
P: (0471) 4992561
E: huangfeilong@imu.edu.cn