论文信息


题名 ᠬᠠᠪᠤᠲᠤ ᠬᠠᠰᠠᠷ ᠤᠨ ᠳᠤᠮᠤᠭ ᠶᠠᠷᠢᠶ᠎ᠠ ᠤᠷᠠᠳ ᠤᠨ ᠭᠠᠵᠠᠷ ᠤᠨ ᠨᠡᠷ᠎ᠡ ᠲᠡᠢ ᠬᠤᠯᠪᠤᠭᠳᠠᠬᠤ ᠤᠴᠢᠷ
作者 ᠬᠦᠷᠡᠯᠱᠠ
关键词 ᠬᠠᠪᠤᠲᠤ ᠬᠠᠰᠠᠷ ᠤᠨ ᠳᠤᠮᠤᠭ ᠶᠠᠷᠢᠶ᠎ᠠ; ᠳᠤᠮᠤᠭ ᠵᠦᠢ; ᠲᠠᠷᠬᠠᠯᠲᠠ ᠬᠤᠪᠢᠰᠤᠯ
摘要 20 ᠳᠤᠭᠠᠷ ᠵᠠᠭᠤᠨ ᠤ 80 ‍ᠭᠠᠳ ᠣᠨ ᠤ ᠳᠤᠮᠳᠠᠴᠢ ᠪᠠᠷ ᠡᠮᠬᠢᠳᠭᠡᠨ ᠲᠡᠮᠳᠡᠭᠯᠡᠭᠰᠡᠨ ᠳᠤᠮᠤᠭ ᠶᠠᠷᠢᠶ᠎ᠠ ᠶᠢᠨ ᠬᠤᠪᠢᠯᠪᠤᠷᠢ ᠲᠧᠺᠰᠲ ᠲᠤ ᠬᠠᠪᠤᠲᠤ ᠬᠠᠰᠠᠷ ᠤᠨ ᠬᠠᠷᠢᠶᠠᠯᠴᠢ ᠬᠠᠷ᠎ᠠ ᠡᠮᠡᠭᠡᠨ ᠢ ᠳᠠᠷᠤᠭᠰᠠᠨ ᠳᠤᠮᠤᠭ ᠢ ᠠᠰᠢᠭᠯᠠᠵᠤ᠂ ᠨᠤᠲᠤᠭ ᠤᠰᠤᠨ ᠤ ᠨᠡᠷ᠎ᠡ ᠶᠢᠨ ᠢᠷᠡᠯᠲᠡ ᠶᠢ ᠲᠠᠢᠯᠪᠤᠷᠢᠯᠠᠭᠰᠠᠨ ᠰᠢᠨ᠎ᠡ ᠠᠭᠤᠯᠭ᠎ᠠ ᠨᠡᠮᠡᠭᠳᠡᠭᠰᠡᠨ ᠪᠠᠢᠨ᠎ᠠ᠃ ᠬᠠᠪᠤᠲᠤ ᠬᠠᠰᠠᠷ ᠤᠨ ᠳᠤᠮᠤᠭ ᠶᠠᠷᠢᠶ᠎ᠠ ᠶᠢ 《ᠡᠷᠡᠬᠡᠢ ᠮᠡᠷᠭᠡᠨ》 ᠦ ᠳᠤᠮᠤᠭ ᠦᠯᠢᠭᠡᠷ ᠦᠨ ᠳᠤᠮᠤᠭ ᠵᠦᠢ ᠶᠢᠨ ᠤᠯᠠᠮᠵᠢᠯᠠᠯ ᠢᠶᠠᠷ ᠵᠤᠬᠢᠶᠠᠭᠳᠠᠭᠰᠠᠨ ᠰᠤᠶᠤᠯ ᠤᠨ ᠪᠠᠭᠠᠲᠤᠷ ᠤᠨ ᠰᠢᠨᠵᠢ ᠲᠡᠢ ᠳᠤᠮᠤᠭ ᠶᠠᠷᠢᠶ᠎ᠠ ᠭᠡᠵᠦ ᠪᠤᠯᠤᠨ᠎ᠠ᠃ ᠬᠠᠪᠤᠲᠤ ᠬᠠᠰᠠᠷ ᠤᠨ ᠳᠤᠮᠤᠭ ᠶᠠᠷᠢᠶ᠎ᠠ ᠪᠤᠯ ᠡᠷᠡᠬᠡᠢ ᠮᠡᠷᠭᠡᠨ ᠦ ᠳᠤᠮᠤᠭ ᠦᠯᠢᠭᠡᠷ ᠦᠨ ᠰᠤᠶᠤᠯ ᠤᠨ ᠳᠤᠮᠤᠭ ᠵᠦᠢ ᠶᠢᠨ ᠤᠯᠠᠮᠵᠢᠯᠠᠯ ᠢᠶᠠᠷ ᠵᠤᠬᠢᠶᠠᠭᠳᠠᠭᠰᠠᠨ ᠠᠬᠤᠢᠴᠢᠯᠠᠭᠰᠠᠨ᠂ ᠲᠡᠦᠬᠡᠴᠢᠯᠡᠭᠰᠡᠨ ᠦᠶ᠎ᠡ ᠶᠢᠨ ᠪᠦᠲᠦᠭᠡᠯ ᠶᠤᠮ᠃ ᠬᠠᠪᠤᠲᠤ ᠬᠠᠰᠠᠷ ᠤᠨ ᠳᠤᠮᠤᠭ ᠶᠠᠷᠢᠶ᠎ᠠ ᠡᠷᠲᠡᠨ ᠦ ᠮᠣᠩᠭᠤᠯᠴᠤᠳ ᠤᠨ ᠳᠤᠮᠤᠭ ᠵᠦᠢ ᠶᠢᠨ ᠤᠯᠠᠮᠵᠢᠯᠠᠯ ᠢᠶᠠᠷ ᠵᠤᠬᠢᠶᠠᠭᠳᠠᠵᠤ᠂ ᠰᠤᠶᠤᠯ ᠤᠨ ᠪᠠᠭᠠᠲᠤᠷ ᠤᠨ ᠳᠤᠮᠤᠭ ᠠᠴᠠ ᠲᠡᠦᠬᠡᠲᠦ ᠬᠦᠮᠦᠨ ᠦ ᠳᠤᠮᠤᠭ ᠶᠠᠷᠢᠶ᠎ᠠ ᠪᠤᠯᠵᠤ᠂ ᠳᠠᠬᠢᠨ ᠭᠠᠵᠠᠷ ᠤᠨ ᠨᠡᠷ᠎ᠡ ᠶᠢᠨ ᠳᠤᠮᠤᠭ ᠶᠠᠷᠢᠶ᠎ᠠ ᠪᠤᠯᠵᠤ ᠦᠷᠭᠡᠵᠢᠨ ᠲᠠᠷᠬᠠᠵᠤ ᠤᠯᠠᠮᠵᠢᠯᠠᠭᠳᠠᠭᠰᠠᠨ ᠨᠢ ᠤᠷᠠᠳᠴᠤᠳ ᠤᠨ ᠤᠷᠠᠨ ᠰᠠᠨᠠᠭ᠎ᠠ᠂ ᠰᠤᠶᠤᠯ ᠤᠨ ᠡᠭᠦᠳᠦᠯᠲᠡ᠂ ᠬᠠᠢᠷ᠎ᠠ ᠰᠡᠳᠬᠢᠯᠭᠡ ᠶᠢᠨ ᠦᠨᠳᠦᠰᠦ ᠤᠴᠢᠷ ᠲᠠᠢ ᠶᠤᠮ᠃
原文 没有原文
出自 蒙古学研究 2015年 第4期

联系我们


内蒙古大学图书馆
呼和浩特市大学西路235号
中国·内蒙古
P: (0471) 4992561
E: huangfeilong@imu.edu.cn