题名 |
ᠣᠪᠠᠳᠢᠰ ᠤᠨ ᠬᠦᠷᠬᠦᠮ —13᠋ ᠪᠠᠷ ᠬᠠᠷ᠎ᠠ ᠶᠠᠮᠠ ᠡᠪᠡᠳᠴᠢᠨ ᠢ ᠡᠮᠨᠡᠨ ᠵᠠᠰᠠᠭᠰᠠᠨ ᠡᠮᠴᠢᠯᠡᠭᠡᠨ ᠦ ᠰᠤᠳᠤᠯᠭ᠎ᠠ |
作者 |
ᠪᠦᠷᠢᠨᠲᠡᠭᠦᠰ; ᠪᠠᠢ ᠱᠢ ᠯᠧᠢ |
关键词 |
ᠣᠪᠠᠳᠢᠰ ᠤᠨ ᠬᠦᠷᠬᠦᠮ —13; ᠬᠠᠷ᠎ᠠ ᠶᠠᠮᠠ ᠡᠪᠡᠳᠴᠢᠨ; ᠡᠮᠴᠢᠯᠡᠭᠡᠨ ᠦ ᠰᠤᠳᠤᠯᠭ᠎ᠠ |
摘要 |
ᠣᠪᠠᠳᠢᠰ ᠤᠨ ᠬᠦᠷᠬᠦᠮ —13 ᠪᠠᠷ ᠬᠠᠷ᠎ᠠ ᠶᠠᠮᠠ ᠡᠪᠡᠳᠴᠢᠨ ᠢ ᠡᠮᠨᠡᠨ ᠵᠠᠰᠠᠭᠰᠠᠨ ᠡᠮᠴᠢᠯᠡᠭᠡᠨ ᠦ ᠰᠤᠳᠤᠯᠭ᠎ᠠ ᠪᠠᠷ ᠳᠠᠮᠵᠢᠨ ᠣᠪᠠᠳᠢᠰ ᠤᠨ ᠬᠦᠷᠬᠦᠮ —13᠋ ᠶᠢᠨ ᠡᠮᠴᠢᠯᠡᠭᠡᠨ ᠦ ᠠᠴᠢ ᠲᠤᠰᠠ ᠶᠢ ᠠᠵᠢᠭᠯᠠᠬᠤ ᠪᠠ ᠨᠤᠲᠠᠯᠠᠨ᠎ᠠ᠃ ᠠᠷᠭ᠎ᠠ᠄ 80 ᠵᠢᠱᠢᠶ᠎ᠡ ᠬᠠᠷ᠎ᠠ ᠶᠠᠮᠠ ᠡᠪᠡᠳᠴᠢᠲᠡᠨ ᠢ ᠲᠠᠰᠢᠷᠠᠮ ᠰᠠᠴᠠᠭᠤ ᠪᠠᠷ ᠲᠤᠷᠰᠢᠭᠴᠢ ᠳᠤᠭᠤᠢ᠌ᠯᠠᠩ ᠪᠤᠯᠤᠨ ᠬᠠᠷᠢᠴᠠᠭᠤᠯᠤᠭᠴᠢ ᠳᠤᠭᠤᠢ᠌ᠯᠠᠩ ᠪᠤᠯᠭᠠᠨ ᠬᠤᠪᠢᠶᠠᠵᠤ᠂ ᠳᠤᠭᠤᠢ᠌ᠯᠠᠩ ᠪᠦᠷᠢ 40 ᠵᠢᠱᠢᠶ᠎ᠡ ᠡᠪᠡᠳᠴᠢᠲᠡᠨ᠂ ᠲᠤᠷᠰᠢᠭᠴᠢ ᠳᠤᠭᠤᠢ᠌ᠯᠠᠩ ᠳᠤ ᠣᠪᠠᠳᠢᠰ ᠤᠨ ᠬᠦᠷᠬᠦᠮ —13᠋ ᠶᠢ ᠦᠭᠴᠦ᠂ ᠬᠠᠷᠢᠴᠠᠭᠤᠯᠤᠭᠴᠢ ᠳᠤᠭᠤᠢ᠌ᠯᠠᠩ ᠳᠤ ᠰᠢ ᠪᠢ ᠯᠢᠩ ᠬᠤᠮᠵᠢᠶ᠎ᠠ ᠡᠮ ᠢ ᠦᠭᠴᠦ ᠡᠮᠨᠡᠨ ᠵᠠᠰᠠᠭᠰᠠᠨ ᠪᠠᠢ᠌ᠨ᠎ᠠ᠃ 14 ᠡᠳᠦᠷ ᠢᠶᠡᠷ ᠨᠢᠭᠡ ᠡᠮᠴᠢᠯᠡᠭᠡᠨ ᠦ ᠬᠤᠭᠤᠴᠠᠭ᠎ᠠ ᠪᠤᠯᠭᠠᠵᠤ᠂ ᠬᠤᠶᠠᠷ ᠡᠮᠴᠢᠯᠡᠭᠡᠨ ᠦ ᠬᠤᠭᠤᠴᠠᠭ᠎ᠠ ᠡᠮ ᠬᠡᠷᠡᠭᠯᠡᠵᠦ᠂ ᠲᠤᠯᠤᠭᠠᠢ ᠡᠪᠡᠳᠬᠦ ᠵᠡᠷᠭᠡ ᠰᠢᠨᠵᠢ ᠲᠡᠮᠳᠡᠭ ᠦᠨ ᠰᠠᠢ᠌ᠵᠢᠷᠠᠯᠲᠠ ᠪᠠᠷ ᠡᠮᠴᠢᠯᠡᠭᠡᠨ ᠦ ᠠᠴᠢ ᠲᠤᠰᠠ ᠶᠢ ᠠᠵᠢᠭᠯᠠᠪᠠ᠃ ᠦᠷ᠎ᠡ ᠳ᠋ᠦᠩ᠄ ᠲᠤᠷᠰᠢᠭᠴᠢ ᠳᠤᠭᠤᠢ᠌ᠯᠠᠩ ᠤᠨ ᠶᠡᠷᠦᠩᠬᠡᠢ ᠲᠤᠰᠠᠯᠠᠭᠰᠠᠨ ᠨᠤᠷᠮ᠎ᠠ ᠨᠢ ᠬᠠᠷᠢᠴᠠᠭᠤᠯᠤᠭᠴᠢ ᠳᠤᠭᠤᠢ᠌ᠯᠠᠩ ᠠᠴᠠ ᠢᠯᠡᠳᠲᠡ ᠳᠠᠪᠠᠭᠤᠯᠢᠭ (P<0.05)᠃ ᠳ᠋ᠦᠩᠨᠡᠯᠲᠡ᠄ ᠬᠠᠷ᠎ᠠ ᠶᠠᠮᠠ ᠡᠪᠡᠳᠴᠢᠨ ᠳᠦ ᠣᠪᠠᠳᠢᠰ ᠤᠨ ᠬᠦᠷᠬᠦᠮ —13 ᠨᠢ ᠡᠮᠴᠢᠯᠡᠭᠡᠨ ᠦ ᠠᠴᠢ ᠲᠤᠰᠠ ᠲᠠᠢ ᠪᠦᠭᠡᠳ ᠶᠡᠷᠦᠩᠬᠡᠢ ᠲᠤᠰᠠᠯᠠᠭᠰᠠᠨ ᠨᠤᠷᠮ᠎ᠠ ᠨᠢ ᠰᠢ ᠪᠢ ᠯᠢᠩ ᠠᠴᠠ ᠳᠠᠪᠠᠭᠤᠯᠢᠭ ᠪᠠᠢ᠌ᠨ᠎ᠠ᠃ |
原文 |
查看原文
|
出自 |
内蒙古民族大学学报(自然科学)
2013年
第2期
|