论文信息


题名 ᠰᠢᠶᠠᠨᠪᠢ ᠠᠶᠢᠮᠠᠭ ᠤᠨ ᠨᠢᠭᠡᠲᠦᠯ ᠪᠡ ᠵᠠᠳᠠᠷᠠᠯ ᠤᠨ ᠲᠤᠬᠠᠢ ᠮᠦᠴᠢᠳ ᠦᠭᠦᠯᠡᠬᠦ ᠨᠢ
作者 ᠤᠷᠠᠨᠳᠠᠨ᠎ᠠ
关键词 ᠰᠢᠶᠠᠨᠪᠢ ᠶᠢᠨ ᠡᠯ᠎ᠡ ᠠᠶᠢᠮᠠᠭ; ᠡᠭᠦᠰᠦᠯ ᠨᠢᠭᠡᠲᠦᠯ; ᠵᠠᠳᠠᠷᠠᠯ
摘要 ᠡᠷᠲᠡᠨ ᠡᠴᠡ ᠠᠪᠤᠭᠠᠳ ᠮᠤᠨᠭᠭᠤᠯ ᠤᠨ ᠦᠨᠳᠦᠷᠯᠢᠭ᠌᠌ ᠢᠶᠡᠷ ᠲᠦᠪᠯᠡᠷᠡᠭᠦᠯᠦᠭᠰᠡᠨ ᠲᠠᠯ᠎ᠠ ᠨᠤᠲᠤᠭ ᠲᠤ ᠤᠯᠠᠨ ᠠᠷᠪᠢᠨ ᠪᠠᠭᠠᠲᠤᠷᠯᠢᠭ ᠮᠤᠷᠢᠲᠤ ᠦᠨᠳᠦᠰᠦᠲᠡᠨ ᠴᠤᠯᠭᠤᠷᠠᠨ ᠭᠠᠷᠤᠭᠰᠠᠨ ᠲᠡᠦᠬᠡ ᠲᠡᠢ ᠪᠠᠶᠢᠳᠠᠭ᠃ ᠾᠦᠩᠨᠤ᠂ ᠰᠢᠶᠠᠨᠪᠢ᠂ ᠬᠢᠲᠠᠨ ᠵᠡᠷᠭᠡ ᠠᠶᠢᠮᠠᠭ ᠤᠯᠤᠰ ᠨᠢ ᠲᠡᠳᠡᠭᠡᠷ ᠦᠨ ᠳᠤᠲᠤᠷᠠᠬᠢ ᠰᠢᠯᠭᠠᠷᠠᠭᠰᠠᠨ ᠲᠦᠯᠦᠭᠡᠯᠡᠭᠴᠢ ᠪᠤᠯᠤᠨ ᠴᠤᠬᠤᠶᠢᠵᠤ᠂ ᠤᠮᠠᠷᠠᠲᠤ ᠤᠷᠤᠨ ᠤ ᠲᠡᠦᠬᠡᠨ ᠬᠠᠭᠤᠳᠠᠰᠤᠨ ᠳᠤ ᠲᠤᠶᠢᠯ ᠤᠨ ᠴᠢᠬᠤᠯᠠ ᠨᠦᠯᠦᠭᠡ ᠦᠵᠡᠭᠦᠯᠦᠭᠰᠡᠨ ᠶᠤᠮ᠃ ᠤᠳᠤᠬᠠᠨ ᠳᠤ ᠰᠢᠶᠠᠨᠪᠢ ᠶᠢᠨ ᠡᠯ᠎ᠡ ᠠᠶᠢᠮᠠᠭ ᠤᠳ ᠤᠨ ᠡᠭᠦᠰᠦᠯ ᠪᠡ ᠨᠢᠭᠡᠲᠦᠯ ᠵᠠᠳᠠᠷᠠᠯ ᠤᠨ ᠲᠤᠬᠠᠢ ᠠᠳᠠᠯᠢ ᠪᠤᠰᠤ ᠦᠵᠡᠯᠲᠡ ᠨᠦᠬᠦᠳ ᠤᠷᠤᠰᠢᠵᠤ ᠪᠠᠶᠢᠭ᠎ᠠ ᠪᠦᠭᠡᠳ ᠲᠡᠦᠬᠡ ᠶᠢᠨ ᠬᠠᠮᠢᠶ᠎ᠠ ᠪᠦᠬᠦᠢ ᠰᠤᠷᠪᠤᠯᠵᠢ ᠪᠢᠴᠢᠭ᠌ ᠡᠴᠡ ᠨᠠᠷᠢᠪᠴᠢᠯᠠᠪᠠᠯ᠂ ᠲᠡᠷᠡ ᠦᠶ᠎ᠡ ᠶᠢᠨ ᠾᠦᠩᠨᠤ᠂ ᠳ᠋ᠦᠩ᠋ᠬᠤ᠂ ᠰᠢᠶᠠᠨᠪᠢ ᠪᠤᠯᠤᠨ ᠭᠢᠳᠠᠨ ᠵᠡᠷᠭᠡ ᠠᠶᠢᠮᠠᠭ ᠤᠯᠤᠰ ᠤᠨ ᠤᠭ ᠢᠵᠠᠭᠤᠷ ᠤᠨ ᠠᠰᠠᠭᠤᠳᠠᠯ ᠨᠢ ᠰᠢᠶᠠᠨᠪᠢ ᠨᠠᠷ ᠤᠨ ᠡᠭᠦᠰᠦᠯ ᠬᠦᠭ᠍ᠵᠢᠯ ᠲᠡᠢ ᠰᠠᠯᠵᠤ ᠪᠤᠯᠤᠰᠢ ᠦᠭᠡᠢ ᠬᠠᠷᠢᠴᠠᠭ᠎ᠠ ᠬᠤᠯᠪᠤᠭ᠎ᠠ ᠲᠠᠢ ᠪᠠᠶᠢᠳᠠᠭ ᠪᠤᠯᠬᠤᠷ ᠲᠡᠦᠬᠡ ᠶᠢᠨ ᠬᠠᠮᠢᠶ᠎ᠠ ᠪᠦᠬᠦᠢ ᠮᠠᠲ᠋ᠧᠷᠢᠶᠠᠯ ᠤᠳ ᠲᠠᠢ ᠬᠠᠷᠢᠴᠠᠭᠤᠯᠤᠨ ᠰᠤᠳᠤᠯᠵᠤ᠂ ᠰᠢᠶᠠᠨᠪᠢ ᠶᠢᠨ ᠡᠯ᠎ᠡ ᠠᠶᠢᠮᠠᠭ ᠤᠳ ᠤᠨ ᠨᠢᠭᠡᠲᠦᠯ ᠵᠠᠳᠠᠷᠠᠯ ᠤᠨ ᠦᠨᠳᠦᠰᠦ ᠪᠠᠷᠢᠮᠲᠠ ᠶᠢ ᠮᠦᠷᠳᠡᠨ ᠭᠠᠷᠭᠠᠬᠤ ᠨᠢ ᠤᠮᠠᠷᠠᠲᠤ ᠶᠢᠨ ᠦᠨᠳᠦᠰᠦᠲᠡᠨ ᠦ ᠲᠡᠦᠬᠡ ᠪᠤᠯᠤᠨ ᠮᠤᠨᠭᠭᠤᠯ ᠤᠨ ᠲᠡᠦᠬᠡ ᠶᠢ ᠰᠤᠳᠤᠯᠬᠤ ᠳᠤ ᠮᠠᠰᠢ ᠴᠢᠬᠤᠯᠠ ᠤᠳᠬ᠎ᠠ ᠠᠭᠤᠯᠭ᠎ᠠ ᠲᠠᠢ ᠶᠤᠮ᠃
原文 查看原文
出自 中国蒙古学 2010年 第4期

联系我们


内蒙古大学图书馆
呼和浩特市大学西路235号
中国·内蒙古
P: (0471) 4992561
E: huangfeilong@imu.edu.cn