摘要 |
ᠵᠦᠴᠦᠭᠡ ᠶᠢᠨ ᠲᠠᠢ᠌ᠰᠠᠨ ᠤ ᠤᠷᠠᠯᠠᠯ ᠨᠢ ᠵᠦᠴᠦᠭᠡ ᠶᠢᠨ ᠲᠤᠭᠯᠠᠯᠳᠠ ᠳᠤ ᠤᠳᠬ᠎ᠠ ᠰᠠᠨᠠᠭ᠎ᠠ ᠶᠢ ᠲᠤᠪᠤᠢ᠌ᠯᠭᠠᠬᠤ᠂ ᠪᠦᠬᠦᠯᠢ ᠴᠤᠭᠴᠠ ᠶᠢᠨ ᠠᠭᠤᠷ ᠠᠮᠢᠰᠬᠤᠭ᠎ᠠ ᠶᠢ ᠪᠦᠷᠢᠯᠳᠦᠭᠦᠯᠬᠦ᠂ ᠢᠯᠡ ᠲᠠᠯᠳᠠ ᠶᠢᠨ ᠤᠳᠬ᠎ᠠ ᠰᠠᠨᠠᠭ᠎ᠠ ᠶᠢ ᠴᠤᠬᠤᠢ᠌ᠯᠭᠠᠬᠤ ᠵᠡᠷᠭᠡ ᠤᠯᠠᠨ ᠲᠠᠯ᠎ᠠ ᠶᠢᠨ ᠬᠠᠪᠰᠤᠷᠤᠮᠵᠢ ᠦᠢᠯᠡᠳᠦᠯ ᠦᠵᠡᠭᠦᠯᠳᠡᠭ᠃ ᠮᠤᠩᠭ᠋ᠤᠯ ᠵᠦᠴᠦᠭᠡ ᠨᠢ ᠮᠤᠩᠭ᠋ᠤᠯ ᠦᠨᠳᠦᠰᠦᠳᠡᠨ ᠤ ᠠᠮᠢᠳᠤᠷᠠᠯ ᠢ ᠬᠠᠮᠤᠭ ᠤᠨ ᠲᠡᠭᠡᠳᠦ ᠬᠡᠮᠵᠢᠶ᠎ᠡ ᠪᠡᠷ ᠠᠭᠰᠢᠭᠠᠨ ᠢᠯᠡᠷᠡᠭᠦᠯᠬᠦ ᠶᠢ ᠬᠦᠭᠡᠭᠡᠴᠡᠯᠳᠦᠳᠡᠭ᠃ ᠡᠭᠦᠨ ᠳᠤ ᠲᠠᠢ᠌ᠰᠠᠨ ᠤ ᠤᠷᠠᠯᠠᠯ ᠨᠢ ᠢᠯᠡ ᠲᠤᠳᠤ ᠦᠨᠳᠦᠰᠦᠳᠡᠨ ᠤ ᠰᠢᠨᠵᠢ ᠳᠤ ᠰᠠᠭᠤᠷᠢᠯᠢᠨ᠂ ᠦᠨᠡᠨ ᠪᠤᠳᠠᠳᠤ ᠰᠢᠨᠵᠢ᠂ ᠪᠡᠯᠭᠡᠳᠡᠯᠢᠭ ᠰᠢᠨᠵᠢ ᠪᠠ ᠰᠨᠠᠭ᠎ᠠ ᠠᠬᠤᠢ ᠶᠢᠨ ᠴᠤᠭᠴᠠᠯᠠᠯ ᠵᠢᠴᠢ ᠬᠠᠭᠤᠮᠠᠭᠠᠢ᠌ᠴᠢ ᠢᠯᠡᠷᠡᠭᠦᠯᠦᠯ ᠤᠨ ᠤᠨᠴᠠᠯᠢᠭ ᠪᠠᠢ᠌ᠳᠠᠯ ᠨᠡᠢ᠌ᠳᠡᠮ ᠳᠤ ᠪᠠᠨ ᠢᠯᠡᠷᠡᠵᠡᠢ᠃ |