摘要 |
ᠲᠤᠰ ᠦᠭᠦᠯᠡᠯ ᠳᠦ ᠂ ᠴᠢᠩ ᠤᠯᠤᠰ ᠤᠨ ᠰᠡᠭᠦᠯᠴᠢ ᠦᠶ᠎ᠡ ᠶᠢᠨ ᠶᠡᠬᠡ ᠵᠤᠤ ᠶᠢᠨ ᠴᠢᠭᠤᠯᠭᠠᠨ ᠤ ᠵᠡᠭᠦᠨ ᠭᠠᠷ ᠬᠤᠰᠢᠭᠤᠨ ᠤ ᠲᠤᠰᠠᠯᠠᠭᠴᠢ ᠳᠠᠢ᠌ᠵᠢ ᠲᠠᠮᠫᠢᠯ᠂ ᠮᠣᠩ᠋ᠭᠤᠯ ᠬᠢᠲᠠᠳ ᠲᠠᠷᠢᠶᠠᠴᠢ ᠠᠷᠠᠳ ᠢ ᠳᠠᠢ᠌ᠴᠢᠯᠠᠨ ᠭᠠᠵᠠᠷ ᠲᠠᠯᠪᠢᠬᠤ ᠶᠢ ᠡᠰᠡᠷᠭᠦᠴᠡᠨ ᠬᠤᠷᠢᠭᠯᠠᠭᠰᠠᠨ ᠪᠠ ᠮᠠᠢ᠋ᠷᠠᠨ ᠮᠦᠩᠬᠡᠵᠢᠶᠠ ᠨᠠᠷ ᠤᠨ ᠡᠭᠦᠰᠭᠡᠭ᠍ᠰᠡᠨ ᠭᠠᠵᠠᠷ ᠲᠠᠯᠪᠢᠬᠤ ᠶᠢ ᠡᠰᠡᠷᠭᠦᠴᠡᠭᠰᠡᠨ ᠵᠡᠪᠰᠡᠭᠲᠦ ᠡᠩᠨᠡᠭᠡ ᠳᠦ ᠳᠡᠮᠵᠢᠯᠭᠡ ᠦᠵᠡᠭᠦᠯᠦᠭᠰᠡᠨ᠂ ᠰᠡᠭᠦᠯ ᠳᠡᠭᠡᠨ ᠡᠨᠡᠬᠦ ᠵᠡᠪᠰᠡᠭᠲᠦ ᠡᠩᠨᠡᠭᠡ ᠳᠦ ᠪᠡᠶ᠎ᠡ ᠪᠡᠷ ᠢᠶᠡᠨ ᠣᠷᠤᠯᠴᠠᠵᠤ ᠭᠤᠤᠯ ᠤᠳᠤᠷᠢᠳᠬᠤ ᠬᠦᠮᠦᠨ ᠪᠤᠯᠵᠤ ᠠᠯᠪᠠᠨ ᠴᠡᠷᠢᠭ ᠢ ᠡᠰᠡᠷᠭᠦᠴᠡᠨ ᠪᠠᠢ᠌ᠯᠳᠤᠭᠰᠠᠭᠠᠷ ᠡᠴᠦᠰ ᠲᠡᠭᠡᠨ ᠪᠠᠷᠢᠪᠴᠢᠯᠠᠭᠳᠠᠵᠤ ᠠᠯᠠᠭᠳᠠᠭᠰᠠᠨ ᠬᠡᠷᠡᠭ ᠶᠠᠪᠤᠳᠠᠯ ᠢ ᠰᠢᠰᠲ᠋ᠡᠮ ᠲᠡᠢ ᠦᠭᠦᠯᠡᠬᠦ ᠪᠡᠷ ᠳᠠᠮᠵᠢᠭᠤᠯᠤᠨ᠂ ᠴᠢᠩ ᠤᠯᠤᠰ ᠤᠨ ᠵᠠᠰᠠᠭ ᠤᠨ ᠭᠠᠵᠠᠷ ᠤᠨ ᠬᠡᠷᠡᠭᠵᠢᠭᠦᠯᠵᠦ ᠪᠠᠢ᠌ᠭᠰᠠᠨ ᠮᠣᠩ᠋ᠭᠤᠯ ᠬᠤᠰᠢᠭᠤᠳ ᠤᠨ ᠭᠠᠵᠠᠷ ᠨᠤᠲᠤᠭ ᠢ ᠠᠯᠪᠠᠳᠠᠨ ᠬᠠᠭᠠᠯᠪᠤᠷᠢᠯᠠᠬᠤ ᠪᠤᠳᠤᠯᠭ᠎ᠠ ᠪᠤᠯ ᠬᠠᠲᠠᠭᠤ ᠬᠠᠷᠬᠢᠰ ᠪᠤᠳᠤᠯᠭ᠎ᠠ ᠮᠦᠨ ᠭᠡᠳᠡᠭ ᠢ ᠢᠯᠡᠴᠢᠯᠡᠨ ᠭᠠᠷᠭᠠᠬᠤ ᠪᠠᠷ ᠴᠢᠷᠮᠠᠢ᠌ᠪᠠ᠃ |