论文信息


题名 ᠤᠤᠯ ᠬᠡᠪ ᠦᠨ ᠠᠢ ᠶᠢᠨ ᠣᠨᠣᠯ ᠤᠨ ᠬᠠᠷᠠᠭᠠᠨ ᠠᠴᠠ 《over》ᠪᠤᠯᠤᠨ 《ᠳᠡᠭᠡᠭᠦᠷ》ᠬᠤᠶᠠᠷ ᠦᠭᠡ ᠶᠢᠨ ᠣᠯᠠᠨ ᠤᠳᠬᠠᠲᠤ ᠰᠢᠨᠵᠢ ᠶᠢ ᠬᠠᠷᠢᠴᠠᠭᠤᠯᠤᠨ ᠰᠢᠨᠵᠢᠬᠦ ᠨᠢ
作者 ᠰᠤᠶᠤᠯᠲᠤ
关键词 ᠤᠤᠯ ᠬᠡᠪ ᠦᠨ ᠠᠢ; ᠲᠠᠨᠢᠨ ᠮᠡᠳᠡᠭᠦᠢ; ᠣᠯᠠᠨ ᠤᠳᠬᠠᠲᠤ ᠰᠢᠨᠵᠢ
摘要 ᠣᠳᠣᠬᠢ ᠬᠡᠯᠡ ᠰᠢᠨᠵᠢᠯᠡᠯ ᠦᠨ ᠤᠬᠠᠭᠠᠨ ᠤ ᠬᠦᠷᠢᠶᠡᠨ ᠳᠦ ᠲᠠᠨᠢᠨ ᠮᠡᠳᠡᠭᠦᠢ ᠶᠢᠨ ᠤᠤᠯ ᠬᠡᠪ ᠦᠨ ᠠᠢ ᠶᠢᠨ ᠣᠨᠣᠯ ᠢᠶᠠᠷ ᠦᠭᠡ ᠶᠢᠨ ᠣᠯᠠᠨ ᠤᠳᠬ᠎ᠠ ᠲᠠᠢ ᠰᠢᠨᠵᠢ ᠪᠠᠢ᠌ᠳᠠᠯ ᠢ ᠪᠠᠢ᠌ᠴᠠᠭᠠᠨ ᠰᠤᠳᠤᠯᠬᠤ ᠶᠢ ᠴᠢᠬᠤᠯᠠ ᠨᠢᠭᠡᠨ ᠠᠷᠭ᠎ᠠ ᠪᠠᠷᠢᠯ ᠪᠤᠯᠭᠠᠵᠤ ᠪᠠᠢ᠌ᠨ᠎ᠠ᠃ ᠲᠤᠰ ᠣᠨᠣᠯ ᠤᠨ ᠦᠵᠡᠯᠲᠡ ᠪᠡᠷ ᠦᠭᠡ ᠶᠢᠨ ᠣᠯᠠᠨ ᠤᠳᠬ᠎ᠠ ᠶᠢ ᠨᠢᠭᠡ ᠪᠦᠬᠦᠯᠢ ᠤᠳᠬ᠎ᠠ ᠶᠢᠨ ᠬᠡᠯᠬᠢᠶ᠎ᠡ ᠪᠡᠷ ᠦᠵᠡᠵᠦ ᠦᠨᠳᠦᠰᠦᠨ ᠤᠳᠬ᠎ᠠ ᠨᠢ ᠲᠤᠰ ᠬᠡᠯᠬᠢᠶ᠎ᠡ ᠶᠢᠨ ᠲᠦᠪ ᠪᠤᠶᠤ ᠰᠠᠭᠤᠷᠢ ᠪᠤᠯᠵᠤ ᠵᠤᠢ᠌ᠷᠯᠡᠯ ᠤᠨ ᠠᠷᠭ᠎ᠠ ᠪᠠᠷᠢᠯ ᠢᠶᠠᠷ ᠦᠭᠡ ᠶᠢᠨ ᠤᠳᠬ᠎ᠠ ᠭᠠᠳᠠᠭᠰᠢ ᠰᠠᠯᠪᠤᠷᠢᠯᠠᠵᠤ᠂ ᠪᠠᠶᠠᠯᠢᠭᠵᠢᠨ ᠬᠦᠭ᠍ᠵᠢᠭᠰᠡᠨ ᠪᠠᠢ᠌ᠳᠠᠭ᠃ ᠲᠤᠰ ᠦᠭᠦᠯᠯ ᠳᠡᠭᠡᠨ ᠪᠢᠳᠡ ᠠᠩᠭ᠍ᠯᠢ ᠬᠡᠯᠡ ᠪᠡ ᠮᠣᠩ᠋ᠭᠤᠯ ᠬᠡᠯᠡᠨ ᠡᠴᠡ ᠲᠤᠰ ᠪᠦᠷᠢ ᠨᠢᠭᠡ ᠦᠭᠡ ᠰᠤᠩ᠋ᠭᠤᠨ ᠬᠠᠷᠢᠴᠠᠭᠤᠯᠤᠯ ᠤᠨ ᠠᠷᠭ᠎ᠠ ᠪᠠᠷ ᠤᠤᠯ ᠬᠡᠪ ᠦᠨ ᠠᠢ ᠶᠢᠨ ᠣᠨᠣᠯ ᠤᠨ ᠶᠤᠰᠤ ᠪᠠᠷ ᠲᠡᠭᠦᠨ ᠢ ᠵᠠᠳᠠᠯᠤᠨ ᠰᠢᠨᠵᠢᠵᠦ᠂ ᠲᠠᠨᠢᠨ ᠮᠡᠳᠡᠭᠦᠢ ᠶᠢᠨ ᠬᠠᠷᠠᠭᠠᠰᠤ ᠠᠴᠠ ᠡᠨᠡ ᠬᠤᠶᠠᠷ ᠦᠭᠡᠨ ᠳᠦ ᠠᠬᠤᠭᠤᠯᠵᠤ ᠪᠠᠢ᠌ᠭ᠎ᠠ ᠬᠤᠶᠠᠷ ᠦᠨᠳᠦᠰᠦᠲᠡᠨ ᠦ ᠰᠡᠳᠭᠢᠭᠦᠢ᠂ ᠪᠡᠶᠡᠴᠢ ᠲᠤᠷᠰᠢᠯᠭ᠎ᠠ ᠵᠢᠴᠢ ᠠᠮᠢᠳᠤᠷᠠᠨ ᠣᠷᠤᠰᠢᠵᠤ ᠪᠠᠢ᠌ᠭ᠎ᠠ ᠣᠷᠴᠢᠨ ᠠᠬᠤᠢ ᠵᠡᠷᠭᠡ ᠲᠠᠯ᠎ᠠ ᠶᠢᠨ ᠠᠳᠠᠯᠢ ᠪᠠ ᠠᠳᠠᠯᠢ ᠪᠤᠰᠤ ᠶᠢ ᠢᠯᠡᠷᠡᠭᠦᠯᠵᠦ᠂ ᠠᠩᠭ᠍ᠯᠢ ᠬᠡᠯᠡ ᠶᠢ ᠮᠣᠩ᠋ᠭᠤᠯ ᠬᠦᠮᠦᠨ ᠳᠦ ᠰᠤᠷᠭᠠᠬᠤ ᠦᠢᠯᠡᠳᠦᠯᠭᠡ ᠳᠦ ᠵᠤᠬᠢᠬᠤ ᠬᠡᠮᠵᠢᠶᠡᠨ ᠦ ᠨᠡᠮᠡᠷᠢ ᠦᠵᠡᠭᠦᠯᠦᠨ᠂ ᠬᠡᠯᠡ ᠰᠤᠷᠤᠭᠴᠢᠳ ᠪᠠ ᠵᠢᠭᠠᠭᠴᠢᠳ ᠤᠨ ᠳᠠᠷᠤᠭᠠᠰᠤ ᠶᠢ ᠬᠦᠩᠭᠡᠷᠡᠭᠦᠯᠬᠦ ᠶᠢ ᠵᠤᠷᠢᠪᠠ᠃
原文 查看原文
出自 中国蒙古学 2013年 第6期

联系我们


内蒙古大学图书馆
呼和浩特市大学西路235号
中国·内蒙古
P: (0471) 4992561
E: huangfeilong@imu.edu.cn