题名 |
ᠠᠮᠸᠷᠢᠺᠠ ᠶᠢᠨ ᠠᠮᠢᠱᠴᠤᠳ ᠤᠨ ᠰᠠᠭᠤᠷᠢ ᠰᠤᠷᠭᠠᠨ ᠬᠦᠮᠦᠵᠢᠯ ᠤᠨ ᠦᠨᠦ ᠶᠢᠨ ᠪᠠᠢᠳᠠᠯ |
作者 |
ᠲᠡᠳ᠋ ᠫᠷᠤᠹᠸᠰᠰᠤᠷ ᠭᠡᠭᠡᠨᠳᠡᠨᠠ |
关键词 |
ᠠᠮᠸᠷᠢᠺᠠ; ᠠᠮᠢᠱᠴᠤᠳ; ᠰᠠᠭᠤᠷᠢ ᠰᠤᠷᠭᠠᠨ ᠬᠦᠮᠦᠵᠢᠯ; ᠱᠠᠰᠢᠨ ᠤ ᠲᠤᠭᠤᠷᠢᠭ ᠤᠨ ᠰᠤᠷᠭᠠᠭᠤᠯᠢ; ᠤᠯᠠᠨ ᠡᠰᠢᠳᠦ ᠰᠤᠶᠤᠯ |
摘要 |
ᠠᠮᠢᠱᠴᠤᠳ 18 ᠳ᠋ᠤᠭᠠᠷ ᠵᠠᠭᠤᠨ ᠤ ᠡᠬᠢᠨ ᠡᠴᠡ ᠠᠮᠸᠷᠢᠺᠠ ᠳᠤ ᠨᠡᠭᠦᠨ ᠤᠴᠢᠵᠤ ᠰᠠᠭᠤᠷᠢᠰᠢᠵᠠᠢ᠃ ᠲᠡᠳᠡ ᠤᠳᠤ ᠦᠶ᠎ᠡ ᠶᠢᠨ ᠰᠤᠷᠭᠠᠨ ᠬᠦᠮᠦᠵᠢᠯ ᠳ᠋ᠡᠬᠢ ᠵᠢᠭᠠᠵᠤ ᠪᠠᠢ᠌ᠭ᠎ᠠ ᠠᠭᠤᠯᠭ᠎ᠠ ᠪᠤᠯᠤᠨ ᠦᠷᠳᠡᠭ ᠤᠨ ᠦᠵᠡᠯᠳᠡ ᠨᠢ ᠲᠡᠳᠡᠨ ᠤ ᠠᠮᠢᠳᠤᠷᠠᠯ ᠤᠨ ᠬᠡᠯᠪᠡᠷᠢ ᠲᠠᠢ ᠬᠤᠷᠴᠠ ᠰᠢᠷᠦᠭᠦᠨ ᠵᠦᠷᠢᠴᠡᠯ ᠮᠦᠷᠭᠦᠯᠳᠦᠭᠡᠨ ᠲᠠᠢ ᠭᠡᠵᠦ ᠦᠵᠡᠳᠡᠭ ᠶᠢᠡᠷ ᠦᠪᠡᠷ ᠤᠨ ᠱᠠᠰᠢᠨ ᠤ ᠲᠤᠭᠤᠷᠢᠭ ᠲᠤ ᠪᠠᠨ ᠲᠤᠰᠬᠠᠢ ᠰᠤᠷᠭᠠᠭᠤᠯᠢ ᠪᠠᠢ᠌ᠭᠤᠯᠵᠤ᠂ ᠦᠪᠡᠷ ᠤᠨ ᠤᠯᠠᠮᠵᠢᠯᠠᠯᠳᠤ ᠦᠷᠳᠡᠭ ᠤᠨ ᠭᠤᠤᠯ ᠦᠵᠡᠯᠳᠡ ᠳᠤ ᠪᠠᠨ ᠨᠡᠢ᠌ᠴᠡᠭᠦᠯᠦᠭᠰᠡᠨ ᠰᠤᠷᠭᠠᠨ ᠬᠦᠮᠦᠵᠢᠯ ᠤᠨ ᠬᠡᠪ ᠵᠠᠭᠪᠤᠷ ᠢ ᠡᠭᠦᠳᠴᠡᠢ᠃ ᠠᠮᠢᠱᠴᠤᠳ ᠤᠨ ᠰᠠᠭᠤᠷᠢ ᠰᠤᠷᠭᠠᠨ ᠬᠦᠮᠦᠵᠢᠯ ᠨᠢ ᠰᠤᠶᠤᠯ ᠤᠨ ᠢᠵᠢᠯᠢᠰᠢᠯ ᠢ ᠪᠦᠳᠦᠮᠵᠢᠳᠡᠢ ᠴᠢᠩᠭ᠋ᠠᠳᠬᠤᠵᠤ᠂ ᠰᠤᠶᠤᠯ ᠤᠨ ᠶᠢᠡᠨ ᠤᠷᠤᠰᠢᠨ ᠲᠤᠭᠳᠠᠨᠢᠯ ᠪᠤᠯᠤᠨ ᠤᠯᠠᠷᠢᠯ ᠢ ᠪᠡᠶᠡᠯᠡᠭᠦᠯᠵᠦ ᠴᠢᠳᠠᠭᠰᠠᠨ ᠪᠠᠢ᠌ᠨ᠎ᠠ᠃ |
原文 |
查看原文
|
出自 |
内蒙古社会科学(蒙文版)
2015年
第3期
|