摘要 |
ᠳᠤᠰ ᠦᠭᠦᠯᠡᠯ ᠳᠤ ᠂ ᠬᠤᠪᠤᠭᠰᠠᠢ᠌ᠷ ᠤᠨ ᠠᠷᠠᠳ ᠤᠨ ᠳᠠᠭᠤᠤ ᠶᠢ ᠲᠡᠦᠬᠡᠨ ᠤᠯᠠᠮᠵᠢᠯᠠᠯᠲᠤ ᠤᠷᠳᠤ ᠳᠠᠭᠤᠤ᠂ ᠰᠢᠨ᠎ᠡ ᠵᠤᠬᠢᠶᠠᠭᠳᠠᠭᠰᠠᠨ ᠤᠬᠤᠷ ᠳᠠᠭᠤᠤ ᠂ ᠦᠯᠢᠭᠡᠷ ᠲᠤᠮᠤᠭ ᠲᠠᠢ ᠳᠦᠬᠡᠲᠦ ᠳᠠᠭᠤᠤ ᠬᠡᠭᠦ ᠭᠤᠷᠪᠠᠨ ᠶᠡᠬᠡ ᠲᠦᠷᠦᠯ ᠵᠦᠢᠯ ᠳᠤ ᠠᠩᠬᠢᠯᠠᠵᠦ᠂ ᠰᠠᠢ᠌ᠳ ᠠᠬᠠᠮᠠᠳ ᠲᠤ ᠳᠠᠭᠤᠯᠠᠬᠤ ᠳᠠᠭᠤᠤ᠂ ᠠᠪᠤ ᠡᠵᠢ ᠳᠡᠭᠡᠨ ᠳᠠᠭᠤᠯᠠᠬᠤ ᠳᠠᠭᠤᠤ᠂ ᠠᠬ᠎ᠠ ᠪᠡᠷᠭᠡᠨ ᠦ ᠳᠠᠭᠤᠤ᠂ ᠡᠭᠡᠴᠢ ᠳᠡᠭᠦᠨᠡᠷ ᠤᠨ ᠳᠠᠭᠤᠤ᠂ ᠰᠠᠳᠤᠨ ᠲᠦᠷᠦᠯ ᠬᠠᠨᠢ ᠨᠦᠭᠦᠳ ᠤᠨ ᠳᠠᠭᠤᠤ᠂ ᠨᠤᠲᠤᠭ ᠤᠰᠤ ᠪᠡᠨ ᠮᠠᠭᠳᠠᠭᠰᠠᠨ ᠳᠠᠭᠤᠤ᠂ ᠢᠨᠠᠭ ᠠᠮᠠᠷᠠᠭ ᠤᠨ ᠳᠠᠭᠤᠤ᠂ ᠪᠤᠰᠤᠳ ᠰᠤᠯᠠ ᠳᠠᠭᠤᠤ ᠭᠡᠬᠦ ᠨᠢ᠌ᠮᠠᠨ ᠠᠭᠤᠯᠭ᠎ᠠ ᠳᠤ ᠬᠤᠷᠢᠶᠠᠩᠭ᠋ᠤᠢ᠌ᠯᠠᠨ ᠦᠭᠦᠯᠡᠵᠦ᠂ ᠬᠤᠪᠤᠭᠰᠠᠢ᠌ᠷ ᠤᠨ ᠠᠷᠠᠳ ᠤᠨ ᠳᠠᠭᠤᠤ ᠶᠢᠨ ᠲᠦᠷᠦᠯ ᠵᠦᠢᠯ ᠪᠠ ᠠᠭᠤᠯᠭ᠎ᠠ ᠶᠢᠨ ᠲᠠᠯ ᠠ ᠪᠡᠷ ᠲᠦᠭᠦᠮ ᠠᠵᠢᠭᠯᠠᠯᠲᠠ ᠬᠢᠬᠦ ᠶᠢ ᠵᠤᠷᠢᠪᠠ᠃ |