题名 |
ᠰᠢᠨᠵᠢᠶᠠᠩ ᠤᠢᠷᠠᠳ ᠤᠨ ᠤᠷᠳᠤ ᠲᠠᠭᠤᠤ ᠳᠤ ᠬᠢ ᠪᠤᠷᠬᠠᠨ ᠤ ᠱᠠᠰᠢᠨ ᠤ ᠦᠭᠡ ᠬᠡᠯᠡᠯᠭᠡ ᠶᠢᠨ ᠤᠴᠢᠷ ᠤᠳᠬ᠎ᠠ ᠶᠢᠨ ᠲᠠᠢ᠌ᠯᠤᠯ |
作者 |
ᠴ • ᠪᠠᠳᠤ |
关键词 |
ᠰᠢᠨᠵᠢᠶᠠᠩ ᠤᠢ᠌ᠷᠠᠳ; ᠤᠷᠳᠤ ᠲᠠᠭᠤᠤ; ᠪᠤᠷᠬᠠᠨ ᠤ ᠱᠠᠰᠢᠨ ᠤ ᠨᠦᠯᠦᠭᠡ; ᠦᠭᠡ ᠬᠡᠯᠡᠯᠭᠡ; ᠤᠳᠬ᠎ᠠ ᠤᠴᠢᠷ |
摘要 |
ᠦᠭᠦᠯᠡᠯ ᠳ᠋ᠤ ᠪᠤᠷᠬᠠᠨ ᠤ ᠱᠠᠰᠢᠨ ᠲᠠᠢ ᠬᠤᠯᠪᠤᠭᠳᠠᠬᠤ ᠲᠠᠭᠤᠤ ᠨᠢ ᠤᠢ᠌ᠷᠠᠳ ᠲᠠᠶᠠᠭᠠᠷ ᠲᠤ ᠬᠦᠳᠦᠯᠦᠭᠳᠦᠨ ᠲᠠᠭᠤᠯᠠᠭᠳᠠᠵᠤ᠂ ᠴᠠᠭᠠᠰᠢᠯᠠᠨ ᠤᠢ᠌ᠷᠠᠳᠴᠤᠳ ᠤᠨ ᠲᠡᠦᠬᠡ ᠰᠤᠶᠤᠯ ᠤᠨ ᠰᠤᠳᠤᠯᠤᠯ ᠳᠤ ᠮᠠᠰᠢ ᠴᠢᠬᠤᠯᠠ ᠦᠢᠯᠡᠳᠦᠯ ᠦᠵᠡᠭᠦᠯᠵᠦ᠂ ᠤᠢ᠌ᠷᠠᠳ ᠲᠡᠦᠬᠡᠨ ᠰᠤᠳᠤᠯᠤᠯ ᠳᠤ ᠬᠢ ᠴᠦᠬᠡᠨ ᠦᠭᠡᠢ ᠪᠤᠳᠤᠯᠢᠶᠠᠨ ᠮᠠᠷᠭᠤᠭᠠᠨ ᠲᠠᠢ ᠪᠠ ᠬᠦᠴᠢᠷᠳᠡᠯᠳᠡᠢ ᠠᠰᠠᠭᠤᠳᠠᠯ ᠢ ᠲᠠᠢ᠌ᠯᠪᠤᠷᠢᠯᠠᠬᠤ ᠳᠤ ᠴᠢᠬᠤᠯᠠ ᠦᠢᠯᠡᠳᠦᠯ ᠦᠵᠡᠭᠦᠯᠵᠦ ᠪᠠᠢ᠌ᠨ᠎ᠠ᠃ ᠭᠡᠳᠡᠯ᠎ᠡ ᠰᠢᠨᠵᠢᠶᠠᠩ ᠤᠨ ᠤᠢ᠌ᠷᠠᠳ ᠤᠨ ᠪᠤᠷᠬᠠᠨ ᠤ ᠱᠠᠰᠢᠨ ᠲᠠᠢ ᠬᠤᠯᠪᠤᠭᠳᠠᠬᠤ ᠲᠠᠭᠤᠤ ᠳᠤ ᠮᠠᠰᠢ ᠤᠯᠠᠨ ᠪᠤᠷᠬᠠᠨ ᠤ ᠱᠠᠰᠢᠨ ᠲᠠᠢ ᠬᠤᠯᠪᠤᠭᠳᠠᠬᠤ ᠤᠬᠠᠭᠳᠠᠬᠤᠨ ᠪᠠ ᠨᠡᠷ᠎ᠡ ᠲᠤᠮᠢᠶ᠎ᠠ᠂ ᠦᠭᠡ ᠬᠡᠯᠡᠯᠭᠡ ᠢᠯᠡᠷᠡᠵᠦ᠂ ᠪᠤᠷᠬᠠᠨ ᠤ ᠱᠠᠰᠢᠨ ᠤ ᠲᠤᠬᠠᠢ ᠵᠤᠬᠢᠬᠤ ᠮᠡᠳᠡᠯᠭᠡ ᠲᠠᠢ ᠮᠡᠷᠭᠡᠵᠢᠯ ᠤᠨ ᠬᠦᠮᠦᠨ ᠪᠤᠰᠤ ᠪᠤᠯ ᠲᠡᠭᠦᠨ ᠤ ᠲᠤᠳᠤᠭᠠᠳᠤ ᠤᠴᠢᠷ ᠤᠳᠬ᠎ᠠ ᠶᠢ ᠤᠢ᠌ᠯᠠᠭᠠᠬᠤ ᠳᠤ ᠬᠦᠴᠢᠷᠳᠡᠢ ᠪᠤᠯᠭᠠᠵᠤ ᠪᠠᠢ᠌ᠳᠠᠭ᠃ ᠡᠢ᠌ᠮᠤ ᠡᠴᠡ ᠡᠢ᠌ᠮᠦᠷᠬᠦᠦ ᠪᠤᠷᠬᠠᠨ ᠤ ᠱᠠᠰᠢᠨ ᠲᠠᠢ ᠬᠤᠯᠪᠤᠭᠳᠠᠬᠤ ᠤᠬᠠᠭᠳᠠᠬᠤᠨ ᠪᠠ ᠦᠭᠡ ᠬᠡᠯᠡᠯᠭᠡ ᠶᠢᠨ ᠪᠤᠷᠬᠠᠨ ᠤ ᠱᠠᠰᠢᠨ ᠤ ᠤᠨᠤᠯ ᠪᠠ ᠦᠢᠯᠡᠳᠦᠯᠭᠡ᠂ ᠪᠤᠷᠬᠠᠨ ᠤ ᠱᠠᠰᠢᠨ ᠤ ᠰᠤᠶᠤᠯ ᠵᠦᠢ ᠶᠢᠨ ᠡᠭᠦᠳᠡᠨ ᠡᠴᠡ ᠲᠤᠳᠤᠭᠠᠳᠤ ᠤᠴᠢᠷ ᠬᠤᠯᠪᠤᠭᠳᠠᠯ ᠢ ᠨᠢ ᠲᠠᠢ᠌ᠯᠪᠤᠷᠢᠯᠠᠨ ᠲᠤᠳᠤᠷᠬᠠᠢ᠌ᠯᠠᠬᠤ ᠨᠢ ᠤᠢ᠌ᠷᠠᠳ ᠤᠷᠳᠤ ᠲᠠᠭᠤᠤ ᠭᠡᠬᠦ ᠡᠨᠡ ᠬᠦ ᠡᠷᠬᠢᠮ ᠨᠠᠨᠳᠢᠨ ᠰᠤᠶᠤᠯ ᠤᠨ ᠦᠪ ᠶᠢᠡᠨ ᠬᠤᠢ᠌ᠴᠢ ᠦᠶ᠎ᠡ ᠳᠤ ᠪᠠ ᠪᠦᠷᠢᠨ ᠪᠦᠳᠦᠨ ᠶᠢᠡᠷ ᠨᠢ ᠤᠯᠠᠮᠵᠢᠯᠠᠨ ᠵᠠᠯᠭᠠᠮᠵᠢᠯᠠᠵᠤ ᠲᠦᠭᠡᠮᠡᠯᠵᠢᠭᠦᠯᠦᠨ ᠬᠦᠭ᠍ᠵᠢᠭᠦᠯᠬᠦ ᠳᠤ ᠤᠮᠳᠤᠭᠠᠢᠯᠠᠵᠤ ᠪᠤᠯᠤᠰᠢ ᠦᠭᠡᠢ ᠴᠢᠬᠤᠯᠠ ᠶᠡᠬᠡ ᠠᠴᠢ ᠬᠤᠯᠪᠤᠭᠳᠠᠯ ᠲᠠᠢ ᠶᠤᠮ ᠭᠡᠵᠦ ᠦᠵᠡᠪᠡ᠃ |
原文 |
查看原文
|
出自 |
西北民族大学学报
2014年
第1期
|