摘要 |
ᠮᠠᠨ ᠳᠤ ᠤᠯᠳᠠᠭᠠᠳ ᠪᠠᠢᠭ᠎ᠠ ᠱ • ᠠᠶᠤᠰᠢ ᠶᠢᠨ ᠵᠦᠴᠦᠭᠡ ᠶᠢᠨ ᠲᠤᠳᠤᠷ᠎ᠠ ᠲᠦᠷᠢ ᠪᠦᠳᠤᠭᠡᠯᠳᠡ ᠬᠡᠯᠪᠡᠷᠢ ᠶᠢᠨ ᠵᠦᠴᠤᠭᠡ ᠬᠡᠪᠡᠯ《 ᠭᠤᠪᠢ ᠶᠢᠨ ᠬᠡᠤᠭᠡᠨ ᠬᠦᠨᠳᠡᠭᠮᠠ》᠂《ᠶᠠᠭ 18》᠂《 ᠬᠠᠳᠤᠨ ᠲᠤᠯᠭᠠᠷ ᠬᠠᠷᠠᠴᠦ ᠲᠠᠮᠳᠢᠨ》 ᠭᠡᠬᠦ ᠭᠤᠷᠪᠠᠨ ᠵᠦᠴᠦᠭᠡ ᠪᠠᠢᠨ᠎ᠠ᠃ ᠱ • ᠠᠶᠤᠰᠢ ᠶᠢᠨ ᠵᠦᠴᠦᠭᠡ ᠶᠢᠨ ᠲᠤᠳᠤᠷ᠎ᠠ ᠪᠦᠳᠤᠭᠡᠭᠰᠡᠨ ᠲᠦᠷᠢ ᠵᠢ ᠯᠠᠮᠡ ᠶᠢᠨ ᠲᠦᠷᠢ᠂ ᠡᠮᠡᠭᠳᠠᠢᠴᠤᠳ ᠤᠨ ᠲᠦᠷᠢ᠂ ᠹᠸᠤᠳᠠᠯ ᠨᠤᠶᠠᠳ ᠤᠨ ᠲᠦᠷᠢ ᠬᠡᠬᠦ ᠮᠡᠳᠤ ᠪᠡᠷ ᠬᠤᠪᠢᠶᠠᠵᠦ ᠦᠵᠡᠵᠤ ᠪᠤᠯᠤᠨ᠎ᠠ᠃ ᠡᠳᠡᠭᠡᠷ ᠤᠨ ᠲᠤᠳᠤᠷ᠎ᠠ ᠯᠡᠮᠡ ᠪᠡ ᠡᠮᠡᠭᠳᠠᠢᠴᠤᠳ ᠤᠨ ᠲᠦᠷᠢ ᠬᠠᠮᠤᠭ ᠤᠨ ᠠᠮᠵᠢᠯᠳᠡ ᠲᠠᠢ ᠪᠠᠢᠳᠠᠭ᠃ ᠱ • ᠠᠶᠤᠰᠢ ᠶᠢᠨ ᠲᠦᠷᠢ ᠪᠦᠳᠤᠭᠡᠯᠳᠡ ᠬᠡᠯᠪᠡᠷᠢ ᠶᠢᠨ ᠵᠦᠴᠦᠭᠡ ᠳ᠋ᠤᠨᠢ ᠭᠤᠤᠯᠳᠠᠭᠤ ᠯᠠᠮᠡ ᠨᠠᠷ᠂ ᠡᠮᠡᠭᠳᠠᠢᠴᠤᠳ ᠤᠨ ᠲᠦᠷᠢ ᠤᠨᠴᠠᠯᠠᠭᠳᠠᠨ ᠲᠤᠰᠬᠠᠭᠳᠠᠵᠦ᠂ ᠡᠮᠡᠭᠳᠠᠢᠴᠤᠳ ᠤᠨ ᠲᠦᠷᠢ ᠳᠤ ᠭᠤᠤᠯᠳᠠᠭᠤ ᠡᠷᠡᠯᠭᠡᠭ ᠪᠠᠭᠠᠳᠤᠷᠯᠢᠭ᠂ ᠰᠡᠴᠡᠨ ᠰᠡᠷᠬᠦᠯᠡᠩ᠂ ᠭᠤᠤ᠎ᠠ ᠦᠵᠡᠰᠬᠦᠯᠡᠩ ᠬᠡᠤᠬᠡᠨᠴᠤᠳ ᠲᠦᠷᠰᠦᠯᠡᠭᠳᠡᠵᠦ᠂ ᠯᠡᠮᠡ ᠨᠠᠷ ᠤᠨ ᠲᠦᠡᠢ ᠳᠤ ᠡᠯ᠎ᠠ ᠲᠠᠪᠬᠤᠷᠭ᠎ᠠ ᠶᠢᠨ ᠯᠡᠮᠡ ᠢᠯᠡᠷᠡᠳᠡᠭ ᠮᠦᠷᠳᠡᠭᠡᠨ ᠪᠠᠰᠠ ᠨᠤᠶᠠᠳ ᠲᠠᠢᠵᠢ ᠨᠠᠷ ᠤᠨ ᠲᠦᠷᠢ ᠴᠦ ᠪᠦᠳᠤᠭᠡᠭᠳᠡᠵᠡᠢ᠃ |