摘要 |
ᠤᠯᠠᠨ ᠲᠤᠭᠠᠨ ᠦ ᠬᠡᠯᠪᠡᠷᠢ ᠡᠷᠳᠡ ᠡᠳᠦᠭᠡ ᠶᠢᠨ ᠮᠣᠩᠭᠣᠯ ᠬᠡᠯᠡᠨ ᠦ ᠨᠢᠭᠡᠨ ᠠᠳᠠᠯᠢ ᠪᠡᠷ ᠲᠤᠭ᠎ᠠ ᠪᠡᠷ ᠠᠳᠠᠯᠢᠪᠳᠦᠷ ᠪᠡᠷ ᠤᠯᠠᠪᠳᠦᠷ᠂ ᠨᠢᠭᠡᠳᠦᠯ ᠦᠬᠡᠢ ᠡᠢ᠌ᠮᠦ ᠤᠨᠴᠠᠯᠢᠭ ᠲᠠᠢ᠃ ᠬᠡᠷᠡᠯ ᠠ ᠭᠠᠢ᠌ᠬᠠᠯᠲᠠᠢ ᠨᠢ ᠂ ᠤᠳᠤ ᠦᠶ ᠠ ᠶᠢᠨ ᠵᠡᠭᠦᠨ ᠶᠤᠭᠤᠷ ᠬᠡᠯᠡᠨ ᠳᠤ ᠳᠡᠳᠡᠭᠡᠷ ᠤᠨ ᠤᠯᠠᠩᠬᠢ ᠨᠢ ᠲᠠᠶᠠᠭᠳᠠᠭᠠᠳ ᠭᠠᠭᠴᠠ -s ᠳᠠᠭᠠᠪᠤᠷᠢ ᠰᠢᠯᠢᠭᠳᠡᠨ ᠬᠡᠷᠡᠭᠯᠡᠭᠳᠡᠬᠦ ᠪᠤᠯᠤᠭᠰᠠᠨ ᠪᠠᠢ᠌ᠨ᠎ᠠ᠃ ᠴᠢᠷ ᠰᠢᠯᠳᠠᠭᠠᠨ ᠢ ᠨᠢ ᠳᠠᠭᠠᠵᠤ ᠪᠤᠯᠬᠤ ᠨᠢ ᠂ ᠳᠤᠮᠳᠠᠳᠤ ᠦᠶ ᠡ ᠶᠢᠨ ᠮᠣᠩᠭᠣᠯ ᠬᠡᠯᠡᠨ ᠳᠤ -s ᠬᠡᠯᠪᠡᠷᠢ ᠨᠠᠯᠢᠶᠠᠳ ᠢᠳᠡᠪᠬᠢᠲᠠᠢ ᠬᠡᠷᠡᠭᠯᠡᠭᠳᠡᠵᠦ ᠭᠠᠭᠴᠠᠭᠠᠷ ᠤᠷᠤᠯᠠᠬᠤ ᠳᠤ ᠬᠦᠷᠦᠭᠰᠡᠨ ᠪᠤᠯᠤᠯᠲᠠᠢ᠃ ᠳᠡᠭᠦᠨ ᠦ ᠠᠪᠢᠶᠠᠨ ᠦ ᠤᠨᠴᠠᠯᠢᠭ ᠨᠢ ᠪᠠᠰᠠ ᠨᠢᠭᠡ ᠲᠠᠯ ᠠ ᠶᠢᠨ ᠰᠢᠯᠳᠠᠭᠠᠨ ᠮᠦᠨ ᠪᠠᠢ᠌ᠵᠦ ᠪᠤᠯᠤᠨ᠎ᠠ᠃ |