题名 |
ᠬᠠᠨᠬᠢᠨ 2 # ᠤᠯᠠᠨ ᠪᠦᠷᠢᠯᠳᠦᠬᠦᠨᠲᠦ ᠬᠤᠯᠢᠮᠠᠭ ᠪᠤᠷᠳᠤᠭᠤᠷ ᠤᠨ ᠲᠦᠪᠡᠳ ᠬᠠᠰᠢ ᠶᠢᠨ ᠠᠽᠦᠲ ᠤᠨ ᠰᠤᠯᠢᠯᠴᠠᠭᠠᠨ ᠳᠡᠬᠢ ᠨᠦᠯᠦᠭᠡ |
作者 |
ᠰᠠᠷᠠᠨ᠎ᠠ; ᠰᠡᠴᠡᠨᠪᠠᠭᠠᠲᠣᠷ; ᠡᠦ ᠷᠦᠩ |
关键词 |
ᠬᠠᠨᠬᠢᠨ 2 # ᠤᠯᠠᠨ ᠪᠦᠷᠢᠯᠳᠦᠬᠦᠨᠲᠦ ᠬᠤᠯᠢᠮᠠᠭ ᠪᠤᠷᠳᠤᠭᠤᠷ ; ᠲᠦᠪᠡᠳ ᠬᠠᠰᠢ ;ᠠᠽᠦᠲ ᠬᠦᠴᠢᠯ ; ᠠᠩᠬᠢᠵᠢᠷᠠᠭᠤᠯᠬᠤ ᠢᠰᠬᠢᠭᠦᠷ ; ᠨᠠᠪᠴᠢᠨ ᠨᠤᠭᠤᠭᠠᠨ ᠡᠳ᠋ |
摘要 |
ᠨᠠᠪᠴᠢᠨ ᠢᠯᠳᠡᠰᠦᠨ ᠦ ᠠᠽᠦᠲ ᠬᠦᠴᠢᠯ ᠠᠩᠬᠢᠵᠢᠷᠠᠭᠤᠯᠬᠤ ᠢᠰᠬᠢᠭᠦᠷ ᠤᠨ ᠢᠳᠡᠪᠬᠢ ᠴᠢᠨᠠᠷ ᠪᠠ ᠨᠠᠪᠴᠢᠨ ᠨᠤᠭᠤᠭᠠᠨ ᠡᠳ᠋ ᠤᠨ ᠠᠭᠤᠯᠤᠮᠵᠢ ᠪᠡᠷ ᠪᠠᠷᠢᠮᠵᠢᠶ ᠠ ᠪᠤᠯᠭᠠᠵᠤ ᠂ᠬᠠᠨᠬᠢᠨ 2 # ᠤᠯᠠᠨ ᠪᠦᠷᠢᠯᠳᠦᠬᠦᠨᠲᠦ ᠬᠤᠯᠢᠮᠠᠭ ᠪᠤᠷᠳᠤᠭᠤᠷ ᠤᠨ ᠲᠠᠷᠢᠶᠠᠨ ᠭᠠᠵᠠᠷ ᠲᠡᠬᠢᠲᠦᠪᠡᠳ ᠬᠠᠰᠢ ᠶᠢᠨ ᠠᠳᠠᠯᠢ ᠪᠤᠰᠤ ᠪᠤᠢᠵᠢᠯᠲᠠ ᠶᠢᠨ ᠬᠤᠭᠤᠴᠠᠭᠠᠨ ᠦ ᠠᠽᠦᠲ ᠤᠨ ᠰᠤᠯᠢᠯᠴᠠᠭᠠᠨ ᠳᠡᠬᠢ ᠨᠦᠯᠦᠭᠡ ᠶᠢ ᠰᠢᠨᠵᠢᠯᠡᠵᠡᠢ᠃ ᠲᠤᠷᠰᠢᠯᠲᠠ ᠶᠢᠨ ᠦᠷ ᠠ ᠳ᠋ᠦᠩ ᠡᠴᠡ ᠦᠵᠡᠪᠡᠯ ᠂ᠪᠤᠷᠳᠤᠭᠤᠷ ᠬᠡᠷᠡᠭᠯᠡᠬᠦ ᠨᠢ ᠲᠦᠪᠡᠳ ᠬᠠᠰᠢ ᠶᠢᠨ ᠨᠠᠪᠴᠢᠨ ᠢᠯᠳᠡᠰᠦᠨ ᠳᠡᠬᠢ ᠠᠽᠦᠲ ᠬᠦᠴᠢᠯ ᠠᠩᠬᠢᠵᠢᠷᠠᠭᠤᠯᠬᠤ ᠢᠰᠬᠢᠭᠦᠷ ᠤᠨ ᠢᠳᠡᠪᠬᠢ ᠴᠢᠨᠠᠷ ᠪᠠ ᠨᠠᠪᠴᠢᠨ ᠨᠤᠭᠤᠭᠠᠨ ᠡᠳ᠋ ᠤᠨ ᠠᠭᠤᠯᠤᠮᠵᠢ ᠶᠢ ᠢᠯᠡᠷᠬᠡᠢ ᠳᠡᠭᠡᠭ᠍ᠰᠢᠯᠡᠭᠦᠯᠬᠦ ᠦᠢᠯᠡᠳᠦᠯ ᠲᠠᠢ ᠃ ᠬᠠᠨᠬᠢᠨ 2 # ᠤᠯᠠᠨ ᠪᠦᠷᠢᠯᠳᠦᠬᠦᠨᠲᠦ ᠬᠤᠯᠢᠮᠠᠭ ᠪᠤᠷᠳᠤᠭᠤᠷ ᠪᠠ ᠬᠠᠷᠢᠴᠠᠭᠤᠯᠤᠯ ᠤᠨ ᠪᠤᠷᠳᠤᠭᠤᠷ ᠪᠤᠯᠬᠤ ᠠᠮᠸᠷᠢᠺᠡ ᠶᠢᠨ ᠬᠤᠶᠠᠷᠴᠢ ᠠᠮᠢᠨ ᠦ ᠲᠦᠪᠡᠳ ᠬᠠᠰᠢ ᠶᠢᠨ ᠴᠡᠴᠡᠭᠯᠡᠬᠦ ᠬᠤᠭᠤᠴᠠᠭ᠎ᠠ ᠪᠠ ᠵᠢᠮᠢᠰᠯᠡᠬᠦ ᠶᠢᠨ ᠡᠮᠤᠨ᠎ᠡ ᠬᠤᠭᠤᠴᠠᠭᠠᠨ ᠳᠡᠬᠢ ᠨᠠᠪᠴᠢᠨ ᠢᠯᠳᠡᠰᠦ ᠶᠢᠨ ᠠᠽᠦᠲ ᠬᠦᠴᠢᠯ ᠠᠩᠬᠢᠵᠢᠷᠠᠭᠤᠯᠬᠤ ᠢᠰᠬᠢᠭᠦᠷ ᠤᠨ ᠢᠳᠡᠪᠬᠢ ᠴᠢᠨᠠᠷ ᠪᠠ ᠨᠠᠪᠴᠢᠨ ᠨᠤᠭᠤᠭᠠᠨ ᠡᠳ᠋ ᠤᠨ ᠠᠭᠤᠯᠤᠮᠵᠢ ᠳᠡᠬᠢ ᠨᠦᠯᠦᠭᠡ ᠨᠢ ᠢᠯᠡᠷᠬᠡᠢ ᠵᠦᠷᠢᠶ ᠠ ᠦᠭᠡᠢ ᠂ᠬᠡᠪᠡᠴᠦ ᠵᠢᠮᠢᠰᠯᠡᠬᠦ ᠶᠢᠨ ᠬᠤᠢ᠌ᠨᠠᠬᠢ ᠬᠤᠭᠤᠴᠠᠭᠠᠨ ᠳᠤ ᠬᠠᠨᠬᠢᠨ 2 # ᠤᠯᠠᠨ ᠪᠦᠷᠢᠯᠳᠦᠬᠦᠨᠲᠦ ᠬᠤᠯᠢᠮᠠᠭ ᠪᠤᠷᠳᠤᠭᠤᠷ ᠬᠡᠷᠡᠭᠯᠡᠭᠰᠡᠨ ᠲᠦᠪᠡᠳ ᠬᠠᠰᠢ ᠶᠢᠨ ᠠᠽᠦᠲ ᠬᠦᠴᠢᠯ ᠠᠩᠬᠢᠵᠢᠷᠠᠭᠤᠯᠬᠤ ᠢᠰᠬᠢᠭᠦᠷ ᠤᠨ ᠢᠳᠡᠪᠬᠢ ᠴᠢᠨᠠᠷ ᠪᠠ ᠨᠠᠪᠴᠢᠨ ᠨᠤᠭᠤᠭᠠᠨ ᠡᠳ᠋ ᠤᠨ ᠠᠭᠤᠯᠤᠮᠵᠢ ᠶᠢᠨ ᠬᠠᠷᠢᠴᠠᠭᠤᠯᠤᠯ ᠨᠢ ᠦᠨᠳᠦᠷ ᠪᠠᠢ᠌ᠳᠠᠭ᠃ ᠡᠨᠡ ᠨᠢ ᠬᠠᠨᠬᠢᠨ 2 # ᠤᠯᠠᠨ ᠪᠦᠷᠢᠯᠳᠦᠬᠦᠨᠲᠦ ᠬᠤᠯᠢᠮᠠᠭ ᠪᠤᠷᠳᠤᠭᠤᠷ ᠤᠨ ᠨᠠᠮᠬᠠᠳᠬᠠᠨ ᠭᠠᠷᠭᠠᠬᠤ ᠦᠢᠯᠡᠳᠦᠯ ᠲᠠᠢ ᠪᠠᠢ᠌ᠬᠤ ᠶᠢ ᠬᠠᠷᠠᠭᠤᠯᠵᠤ ᠂ ᠲᠦᠪᠡᠳ ᠬᠠᠰᠢ ᠶᠢᠨ ᠪᠤᠢᠵᠢᠯᠲᠠ ᠶᠢᠨ ᠰᠡᠭᠦᠯᠴᠢ ᠶᠢᠨ ᠬᠤᠭᠤᠴᠠᠭᠠᠨ ᠦ ᠭᠡᠷᠡᠯ ᠨᠡᠢ᠌ᠯᠡᠯᠭᠡ ᠶᠢᠨ ᠴᠢᠳᠠᠪᠤᠷᠢ ᠶᠢ ᠰᠠᠢ᠌ᠵᠢᠷᠠᠭᠤᠯᠵᠤ᠂ ᠤᠨᠠᠯᠲᠠ ᠪᠠ ᠴᠢᠨᠠᠷ ᠴᠢᠨᠰᠠᠭ᠎ᠠ ᠶᠢ ᠳᠡᠭᠡᠭ᠍ᠰᠢᠯᠡᠭᠦᠯᠬᠦ ᠳᠤ ᠠᠬᠢᠭᠤᠯᠬᠤ ᠦᠢᠯᠡᠳᠦᠯ ᠲᠠᠢ ᠭᠡᠰᠡᠨ ᠢ ᠬᠡᠷᠡᠴᠢᠯᠡᠪᠡ᠃ |
原文 |
查看原文
|
出自 |
内蒙古师范大学学报(自然科学蒙古文版)
2007年
第1期
|