题名 |
《ᠮᠣᠩᠭᠤᠯ ᠣᠷᠤᠨ ᠢᠶᠠᠷ ᠳᠤᠭᠤᠯᠤᠭᠰᠠᠨ》 ᠬᠡᠮᠡᠬᠦ ᠪᠠᠷᠢᠮᠳᠠᠳᠤ ᠺᠢᠨᠤ᠋ ᠪᠠ ᠬᠤᠯᠪᠤᠭᠳᠠᠯ ᠪᠦᠬᠦᠢ ᠲᠡᠦᠬᠡᠨ ᠠᠰᠠᠭᠤᠳᠠᠯ ᠳᠤ |
作者 |
ᠦᠯᠵᠡᠢᠲᠤᠭᠲᠠᠬᠤ |
关键词 |
《ᠮᠣᠩᠭᠤᠯ ᠣᠷᠤᠨ ᠢᠶᠠᠷ ᠲᠤᠭᠤᠯᠤᠭᠰᠠᠨ》; ᠪᠠᠷᠢᠮᠳᠠᠳᠤ ᠺᠢᠨᠤ᠋; ᠲᠡᠦᠬᠡᠨ ᠠᠰᠠᠭᠤᠳᠠᠯ |
摘要 |
《ᠮᠣᠩᠭᠤᠯ ᠣᠷᠤᠨ ᠢᠶᠠᠷ ᠲᠤᠭᠤᠯᠤᠭᠰᠠᠨ》 ᠬᠡᠮᠡᠬᠦ ᠲᠡᠦᠬᠡᠨ ᠪᠠᠷᠢᠮᠳᠠᠳᠤ ᠺᠢᠨᠤ᠋ ᠪᠤᠯ 1925 ᠣᠨ ᠤ ᠵᠤᠨ ᠲᠤᠬᠠᠢ ᠶᠢᠨ ᠦᠶ᠎ᠡ ᠶᠢᠨ ᠪᠠᠭᠠᠷᠢᠨ ᠪᠠᠷᠠᠭᠤᠨ ᠬᠤᠰᠢᠭᠤᠨ ᠤ ᠵᠠᠰᠠᠭ ᠸᠠᠩ ᠵᠠᠭᠠᠷ ᠪᠡᠭᠡᠵᠢᠩ ᠡᠴᠡ ᠨᠤᠲᠤᠭ ᠪᠤᠴᠠᠭᠰᠠᠨ ᠲᠠᠰᠢᠷᠠᠮ ᠳᠤ ᠲᠡᠭᠦᠨ ᠲᠡᠢ ᠬᠠᠮᠲᠤ ᠠᠶᠠᠯᠠᠭᠰᠠᠨ ᠶᠠᠫᠤᠨᠴᠤᠳ ᠤᠨ ᠰᠡᠭᠦᠳᠡᠷᠯᠡᠭᠰᠡᠨ ᠠᠩᠬᠠᠨ ᠤ ᠦᠶ᠎ᠡ ᠶᠢᠨ ᠮᠣᠩᠭᠤᠯ ᠰᠡᠳᠦᠪᠲᠦ ᠺᠢᠨᠤ᠋ ᠶᠤᠮ᠃ ᠲᠤᠰ ᠺᠢᠨᠤ᠋ ᠨᠢ ᠮᠣᠩᠭᠤᠯ ᠣᠷᠤᠨ ᠢᠯᠠᠩᠭᠤᠶ᠎ᠠ ᠪᠠᠭᠠᠷᠢᠨ ᠤ ᠤᠯᠤᠰ ᠲᠦᠷᠦ᠂ ᠱᠠᠰᠢᠨ ᠰᠢᠲᠦᠯᠭᠡ᠂ ᠬᠤᠳᠠᠯᠳᠤᠭ᠎ᠠ ᠮᠠᠢᠮᠠᠢ᠂ ᠡᠳ᠋ ᠭᠠᠷᠤᠯᠲᠠ᠂ ᠵᠠᠮ ᠬᠠᠷᠢᠯᠴᠠᠭ᠎ᠠ᠂ ᠨᠤᠲᠤᠭ ᠪᠠᠢᠭᠠᠯᠢ᠂ ᠵᠠᠩ ᠵᠠᠩᠰᠢᠯ᠂ ᠠᠮᠢᠳᠤᠷᠠᠯ ᠤᠨ ᠪᠠᠢᠳᠠᠯ ᠢ ᠠᠮᠢᠳᠤᠯᠢᠭ ᠪᠤᠳᠠᠲᠠᠢ ᠪᠠᠷ ᠵᠢᠷᠤᠭᠯᠠᠨ ᠦᠵᠡᠭᠦᠯᠦᠭᠰᠡᠨ ᠦ ᠳᠠᠭᠠᠤ᠂ ᠶᠠᠫᠤᠨ ᠤ ᠳᠦᠷᠢᠮᠡᠭᠡᠢ ᠬᠦᠴᠦᠨ ᠵᠡᠭᠦᠨ ᠮᠣᠨᠭᠤᠯ ᠳᠤ ᠨᠡᠪᠴᠢᠨ ᠣᠷᠤᠵᠤ ᠪᠠᠢᠭᠰᠠᠨ ᠪᠠᠢᠳᠠᠯ ᠢ ᠴᠤ ᠳᠠᠮ ᠢᠶᠠᠷ ᠳᠤᠰᠬᠠᠵᠠᠢ᠃ ᠦᠭᠦᠯᠡᠯ ᠳᠦ ᠺᠢᠨᠤ᠋ ᠶᠢᠨ ᠠᠭᠤᠯᠭ᠎ᠠ᠂ ᠬᠤᠯᠪᠤᠭᠳᠠᠬᠤ ᠬᠦᠮᠦᠰ᠂ ᠲᠡᠦᠬᠡᠨ ᠣᠷᠴᠢᠨ᠂ ᠺᠢᠨᠤ᠋ ᠳᠤ ᠳᠤᠰᠬᠠᠭᠳᠠᠭᠰᠠᠨ ᠵᠡᠭᠦᠨ ᠮᠣᠩᠭᠤᠯ ᠤᠨ ᠨᠡᠢᠭᠡᠮ ᠦᠨ ᠪᠠᠢᠳᠠᠯ᠂ ᠬᠤᠯᠪᠤᠭᠳᠠᠯ ᠪᠦᠬᠦᠢ ᠪᠤᠰᠤᠳ ᠠᠰᠠᠭᠤᠳᠠᠯ ᠵᠡᠷᠭᠡ ᠬᠡᠳᠦᠨ ᠲᠠᠯ᠎ᠠ ᠠᠴᠠ ᠨᠢᠭᠲᠠᠯᠠᠨ ᠰᠢᠨᠵᠢᠯᠡᠪᠡ᠃ ᠬᠠᠮᠤᠭ ᠤᠨ ᠰᠡᠭᠦᠯ ᠳᠦ ᠨᠢ ᠺᠢᠨᠤ᠋ ᠶᠢᠨ ᠲᠠᠢᠯᠪᠤᠷᠢ ᠦᠭᠡᠰ ᠢ ᠮᠣᠩᠭᠤᠯᠴᠢᠯᠠᠨ ᠭᠠᠷᠭᠠᠵᠤ ᠦᠭᠦᠯᠡᠯ ᠦᠨ ᠬᠠᠪᠰᠤᠷᠭᠠᠯᠲᠠ ᠪᠤᠯᠭᠠᠪᠠ᠃ |
原文 |
没有原文
|
出自 |
内蒙古大学学报
2014年
第6期
|