论文信息


题名 ᠫᠷᠤᠫᠠᠨ ᠢ ᠢᠰᠦᠯᠳᠦᠭᠦᠯᠵᠦ ᠤᠰᠤᠳᠦ᠋ᠷᠦᠭᠴᠢ ᠦᠭᠡᠶᠢᠳᠡᠭᠦᠯᠦᠨ ᠫᠷᠤᠫᠧᠨ ᠢ ᠭᠠᠷᠭᠠᠨ ᠠᠪᠬᠤ ᠮᠧᠽᠤ᠋ ᠰᠦᠪᠡᠲᠦ x%CeO2/V2O5-SiO2 ᠲᠦᠷᠭᠡᠳᠭᠡᠭᠦᠷ ᠦᠨ ᠰᠤᠳᠤᠯᠭᠠᠨ
作者 ᠮ‍ · ᠴᠡᠴᠡᠭᠵᠢᠷᠭᠠᠯ; ᠠᠭᠤᠯᠠ; ᠵᠤᠷᠢᠭᠲᠤ
关键词 ᠫᠷᠤᠫᠡᠨ; V2O5-SiO2; ᠢᠰᠦᠯᠳᠦᠭᠦᠯᠵᠦ ᠤᠰᠤᠳᠦ᠋ᠷᠦᠭᠴᠢ ᠦᠭᠡᠶᠢᠳᠡᠭᠦᠯᠬᠦ; ᠬᠤᠪᠤᠷ ᠰᠢᠷᠦᠢ ᠶᠢᠨ ᠲᠦᠷᠭᠡᠳᠭᠡᠭᠦᠷ
摘要 ᠠᠭᠤᠰᠤᠮᠠᠯ ᠴᠠᠪᠠᠤ — ᠴᠠᠷᠴᠠᠮᠠᠯ ᠴᠠᠪᠠᠤ ᠶᠢᠨ ᠠᠷᠭ᠎ᠠ ᠪᠠᠷ ᠠᠳᠠᠯᠢ ᠪᠤᠰᠤ ᠬᠡᠮᠵᠢᠶᠡᠨ ᠦ CeO2 ᠲᠦᠷᠭᠡᠳᠭᠡᠭᠦᠷ ᠢ ᠭᠠᠷᠭᠠᠨ ᠠᠪᠤᠪᠠ᠃ ᠲᠤᠰ ᠰᠤᠳᠤᠯᠭ᠎ᠠ ᠳᠠᠬᠢ ᠫᠷᠤᠫᠡᠨ ᠢ ᠢᠰᠦᠯᠳᠦᠭᠦᠯᠵᠦ ᠤᠰᠤᠳᠦ᠋ᠷᠦᠭᠴᠢ ᠦᠭᠡᠶᠢᠳᠡᠭᠦᠯᠦᠨ ᠫᠷᠤᠫᠧᠨ ᠢ ᠭᠠᠷᠭᠠᠵᠤ ᠠᠪᠬᠤ x%CeO2/V2O5-SiO2 ᠲᠦᠷᠭᠡᠳᠭᠡᠭᠦᠷ ᠨᠢ ᠮᠧᠽᠤ᠋ ᠰᠦᠪᠡᠲᠦ V2O5-SiO2᠋ ᠢᠶᠠᠷ ᠠᠴᠢᠶᠠᠯᠠᠭᠴᠢ ᠪᠤᠯᠭᠠᠨ ᠦᠨᠳᠦᠷ ᠬᠤᠪᠢ ᠶᠢᠨ ᠭᠠᠳᠠᠷᠭᠤ ᠶᠢᠨ ᠲᠠᠯᠠᠪᠠᠢ ᠲᠠᠢ ᠲᠦᠷᠭᠡᠳᠭᠡᠭᠦᠷ ᠢ ᠭᠠᠷᠭᠠᠨ ᠠᠪᠤᠭᠰᠠᠨ ᠦᠷ᠎ᠡ ᠳ᠋ᠦᠩ ᠨᠢ ᠨᠡᠯᠢᠶᠡᠳ ᠰᠠᠢᠨ ᠪᠤᠯᠤᠨ᠎ᠠ᠃ XRD᠋ ᠶᠢᠨ ᠵᠠᠳᠠᠯᠤᠯᠲᠠ ᠪᠠᠷ ᠲᠦᠷᠭᠡᠳᠭᠡᠭᠦᠷ ᠦᠨ ᠪᠦᠷᠢᠯᠳᠦᠭᠦᠨ ᠢ ᠮᠠᠭᠠᠳᠯᠠᠵᠤ᠂ N2᠋ ᠤᠨ ᠰᠤᠷᠤᠨᠠᠭᠤᠯᠤᠯᠲᠠ — ᠰᠤᠷᠤᠨᠠᠭᠤᠯᠤᠯ ᠦᠭᠡᠶᠢᠳᠡᠭᠦᠯᠬᠦ ᠪᠡᠷ ᠳᠠᠮᠵᠢᠨ x%CeO2/V2O5-SiO2᠋ ᠤᠨ ᠭᠠᠳᠠᠷᠭᠤ ᠶᠢᠨ ᠲᠠᠯᠠᠪᠠᠢ ᠪᠠ ᠰᠦᠪᠡ ᠭᠡᠮ ᠦᠨ ᠲᠠᠷᠬᠠᠯᠲᠠ ᠶᠢ ᠬᠡᠮᠵᠢᠵᠦ᠂ H2-TPR ᠮᠡᠷᠭᠡᠵᠢᠯ ᠢᠶᠡᠷ x%CeO2/V2O5-SiO2᠋ ᠤᠨ ᠠᠩᠭᠢᠵᠢᠷᠠᠭᠤᠯᠬᠤ ᠴᠢᠳᠠᠪᠤᠷᠢ ᠶᠢ ᠪᠠᠢᠴᠠᠭᠠᠪᠠ᠃ ᠲᠤᠷᠰᠢᠯᠲᠠ ᠶᠢᠨ ᠦᠷ᠎ᠡ ᠳ᠋ᠦᠩ ᠡᠴᠡ ᠮᠡᠳᠡᠬᠦ ᠨᠢ᠂ 6%CeO2/V2O5-SiO2 ᠲᠦᠷᠭᠡᠳᠭᠡᠭᠦᠷ ᠦᠨ ᠢᠳᠡᠪᠬᠢᠲᠦ ᠴᠢᠨᠠᠷ ᠨᠢ ᠬᠠᠮᠤᠭ ᠤᠨ ᠰᠠᠢᠨ᠂ ᠳᠠᠷᠤᠢ 500℃ ᠲᠤ ᠫᠷᠤᠫᠡᠨ ᠢ ᠬᠤᠪᠢᠷᠠᠯᠲᠠ ᠶᠢᠨ ᠨᠤᠷᠮ᠎ᠠ 27.7%᠂ ᠫᠷᠤᠫᠧᠨ ᠤ ᠰᠤᠩᠭᠤᠬᠤ ᠴᠢᠨᠠᠷ 25.7% ᠪᠤᠯᠤᠨ᠎ᠠ᠃ ᠡᠨᠡ ᠨᠢ ᠭᠤᠤᠯᠳᠠᠭᠤ ᠲᠦᠷᠭᠡᠳᠭᠡᠭᠦᠷ ᠦᠨ ᠢᠰᠦᠯᠳᠦᠵᠦ ᠠᠩᠭᠢᠵᠢᠷᠬᠤ ᠴᠢᠨᠠᠷ ᠤᠨ ᠬᠤᠪᠢᠷᠠᠯ᠂ ᠦᠨᠳᠦᠷ ᠬᠤᠪᠢ ᠶᠢᠨ ᠭᠠᠳᠠᠷᠭᠤ ᠶᠢᠨ ᠲᠠᠯᠠᠪᠠᠢ ᠲᠠᠢ᠂ ᠢᠰᠦᠯᠳᠦᠭᠦᠯᠬᠦ ᠴᠢᠳᠠᠪᠤᠷᠢ ᠪᠠ ᠬᠦᠳᠡᠯᠭᠡᠭᠡᠨᠲᠦ ᠬᠦᠴᠢᠯᠳᠦ᠋ᠷᠦᠭᠴᠢ ᠶᠢᠨ ᠬᠡᠮᠵᠢᠶ᠎ᠡ ᠨᠢ ᠨᠡᠮᠡᠭᠳᠡᠭᠰᠡᠨ ᠲᠡᠢ ᠬᠤᠯᠪᠤᠭ᠎ᠠ ᠲᠠᠢ᠃ ᠨᠦᠬᠦᠭᠡ ᠲᠠᠯ᠎᠎ᠠ ᠪᠠᠷ ᠬᠤᠪᠤᠷ ᠰᠢᠷᠦᠢ ᠶᠢᠨ ᠲᠤᠰ ᠪᠡᠶ᠎ᠡ ᠶᠢᠨ ᠸᠠᠯᠧᠨᠠᠲ ᠨᠢ ᠬᠤᠪᠢᠷᠠᠯᠲᠠ ᠭᠠᠷᠴᠤ ᠰᠢᠨ᠎ᠡ ᠢᠳᠡᠪᠬᠢᠲᠦ ᠣᠷᠤᠨ ᠢ ᠡᠭᠦᠰᠭᠡᠵᠦ᠂ ᠫᠷᠤᠫᠧᠨ ᠤ ᠡᠭᠦᠰᠦᠯ ᠢ ᠶᠡᠬᠡ ᠬᠡᠮᠵᠢᠶ᠎ᠡ ᠪᠡᠷ ᠠᠭᠢᠭᠤᠯᠤᠭᠰᠠᠨ ᠪᠠᠢᠨ᠎ᠠ᠃
原文 没有原文
出自 内蒙古师范大学学报(自然科学蒙古文版) 2015年 第3期

联系我们


内蒙古大学图书馆
呼和浩特市大学西路235号
中国·内蒙古
P: (0471) 4992561
E: huangfeilong@imu.edu.cn