摘要 |
ᠦᠭᠦᠯᠡᠯ ᠳᠤ ᠭᠤᠤᠯᠳᠠᠭᠤ ᠮᠤᠩᠭ᠋ᠤᠯ ᠶᠢᠡᠷ ᠬᠢᠴᠢᠶᠡᠯᠯᠡᠳᠡᠭ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠬᠠᠨᠳᠤᠭᠤᠯᠤᠭᠰᠠᠨ ᠠᠩᠭ᠍ᠯᠢ ᠬᠢᠳᠠᠳ ᠮᠠᠰᠢᠨ ᠤᠷᠴᠢᠭᠤᠯᠭ᠎ᠠ ᠶᠢᠨ ᠰᠢᠰᠲ᠋ᠸᠮ ᠤᠨ ᠰᠢᠨᠵᠢᠯᠡᠯᠳᠡ ᠪᠠ ᠪᠠᠢ᠌ᠭᠤᠯᠤᠯᠳᠠ ᠶᠢᠨ ᠲᠤᠬᠠᠢ ᠲᠠᠢ᠌ᠯᠪᠤᠷᠢᠯᠠᠨ᠂ ᠰᠤᠷᠠᠭ ᠵᠠᠩᠭᠢᠴᠢᠯᠠᠯᠳᠠ ᠳᠡᠬᠢ ᠪᠠᠢ᠌ᠭᠠᠵᠢ ᠬᠡᠯᠡᠨ ᠤ ᠰᠢᠢᠳᠪᠦᠷᠢᠯᠡᠯᠳᠡ ᠶᠢᠨ ᠠᠷᠭ᠎ᠠ ᠪᠡᠷ ᠮᠤᠩᠭ᠋ᠤᠯ ᠶᠢᠡᠷ ᠬᠢᠴᠢᠶᠡᠯᠯᠡᠳᠡᠭ ᠠᠩᠭ᠍ᠯᠢ ᠬᠡᠯᠡᠨ ᠤ ᠵᠢᠭᠠᠨ ᠰᠤᠷᠭᠠᠯᠳᠠ ᠳᠤ ᠲᠤᠰᠠᠯᠠᠬᠤ ᠴᠢᠳᠠᠪᠤᠷᠢ ᠲᠠᠢ ᠮᠤᠩᠭ᠋ᠤᠯ ᠠᠩᠭ᠍ᠯᠢ ᠮᠠᠰᠢᠨ ᠤᠷᠴᠢᠭᠤᠯᠭ᠎ᠠ ᠶᠢᠨ ᠰᠢᠰᠲ᠋ᠸᠮ ᠢ ᠰᠤᠳᠤᠯᠵᠠᠢ᠃ ᠲᠤᠰ ᠰᠢᠰᠲ᠋ᠸᠮ ᠮᠤᠩᠭ᠋ᠤᠯ ᠰᠤᠷᠤᠭᠴᠢᠳ᠂ ᠤᠨᠴᠠᠭᠠᠢ᠌ᠯᠠᠨ ᠮᠤᠩᠭ᠋ᠤᠯ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠠᠩᠭ᠍ᠯᠢ ᠬᠡᠯᠡ ᠰᠤᠷᠬᠤ ᠠᠷᠭ᠎ᠠ ᠶᠢ ᠪᠠᠶᠠᠯᠢᠭᠵᠢᠭᠤᠯᠤ᠂ ᠰᠤᠷᠬᠤ ᠤᠷᠮ᠎ᠠ ᠪᠠᠬ᠎ᠠ ᠶᠢ ᠲᠡᠭᠡᠭ᠍ᠰᠢᠯᠡᠭᠦᠯᠬᠦ ᠦᠢᠯᠡᠳᠦᠯ ᠲᠠᠢ ᠭᠡᠵᠦ ᠦᠵᠡᠪᠡ᠃ |