题名 |
ᠡᠯᠭᠦᠭᠡ ᠴᠡᠭ ᠦᠨ ᠬᠡᠯᠪᠡᠯᠵᠡᠬᠦ ᠳᠦᠭᠦᠮ ᠳᠡᠭᠦᠵᠢᠩ ᠦᠨ ᠲᠤᠭᠲᠠᠪᠤᠷᠢᠲᠤ ᠴᠢᠨᠠᠷ ᠤᠨ ᠲᠤᠬᠠᠢ ᠲᠤᠭ᠎ᠠ ᠬᠡᠮᠵᠢᠭᠳᠡᠯ ᠦᠨ ᠰᠤᠳᠤᠯᠤᠯᠲᠠ |
作者 |
ᠬᠠᠨ ᠶᠤᠸᠠᠨ ᠴᠦᠨ; ᠨᠠᠷᠠᠨᠮᠠᠨᠳᠤᠯ᠎ᠠ |
关键词 |
ᠡᠯᠭᠦᠭᠡ ᠴᠡᠭ ᠦᠨ ᠬᠡᠯᠪᠡᠯᠵᠡᠬᠦ ᠳᠦᠭᠦᠮ ᠳᠡᠭᠦᠵᠢᠩ; ᠬᠦᠳᠡᠯᠭᠡᠭᠡᠨ ᠦ ᠵᠢᠮ; ᠲᠤᠭ᠎ᠠ ᠬᠡᠮᠵᠢᠭᠳᠡᠯ ᠦᠨ ᠠᠷᠭ᠎ᠠ |
摘要 |
ᠡᠯᠭᠦᠭᠡ ᠴᠡᠭ ᠦᠨ ᠲᠤᠭᠲᠠᠮᠠᠯ ᠳᠡᠭᠦᠵᠢᠩ ᠦᠨ ᠬᠦᠳᠡᠯᠭᠡᠭᠡᠨ ᠦ ᠵᠢᠮ ᠳᠦ ᠬᠦᠮᠦᠰ ᠨᠢᠭᠡᠨᠲᠡ ᠭᠦᠨ ᠲᠠᠨᠢᠯᠲᠠ ᠲᠠᠢ ᠪᠤᠯᠵᠠᠢ᠃ ᠭᠡᠪᠡᠴᠦ ᠡᠯᠭᠦᠭᠡ ᠴᠡᠭ ᠦᠨ ᠬᠡᠯᠪᠡᠯᠵᠡᠬᠦ ᠳᠦᠭᠦᠮ ᠳᠡᠭᠦᠵᠢᠩ ᠦᠨ ᠤᠨᠤᠪᠴᠢᠲᠠᠢ ᠬᠦᠳᠡᠯᠭᠡᠭᠡᠨ ᠦ ᠵᠢᠮ ᠦᠨ ᠲᠤᠬᠠᠢ ᠬᠦᠮᠦᠰ ᠦᠨ ᠲᠠᠨᠢᠯᠲᠠ ᠪᠠᠰᠠ ᠳᠡᠮᠡᠢ ᠭᠦᠨ ᠪᠢᠰᠢ᠃ ᠦᠭᠦᠯᠡᠯ 〔1〕᠋ ᠳᠦ ᠴᠢᠨᠠᠷ ᠤᠨ ᠵᠠᠳᠠᠯᠤᠯᠲᠠ ᠶᠢᠨ ᠠᠷᠭ᠎ᠠ ᠪᠠᠷ ᠡᠯᠭᠦᠭᠡ ᠴᠡᠭ ᠦᠨ ᠬᠡᠯᠪᠡᠯᠵᠡᠬᠦ ᠱᠤᠭᠤᠮᠤᠨ ᠳᠦᠭᠦᠮ ᠳᠡᠭᠦᠵᠢᠩ ᠦᠨ ᠲᠤᠭᠲᠠᠩ᠋ᠭᠤᠢ ᠴᠢᠨᠠᠷ ᠤᠨ ᠲᠤᠬᠠᠢ ᠵᠠᠳᠠᠯᠤᠯᠲᠠ ᠬᠢᠵᠡᠢ᠃ ᠭᠡᠪᠡᠴᠦ ᠲᠡᠭᠦᠨ ᠦ ᠬᠦᠳᠡᠯᠭᠡᠭᠡᠨ ᠦ ᠵᠢᠮ ᠢ ᠳᠤᠰᠬᠠᠭᠰᠠᠨ ᠨᠠᠷᠢᠨ ᠤᠨᠤᠪᠴᠢᠲᠠᠢ ᠵᠢᠷᠤᠭ ᠢ ᠵᠢᠷᠤᠭᠯᠠᠵᠤ ᠦᠭ᠍ᠭᠦ᠍ᠭ᠍ᠰᠡᠨ ᠦᠭᠡᠢ᠃ ᠨᠡᠩ ᠢᠯᠠᠩ᠋ᠭᠤᠶ᠎ᠠ ᠡᠯᠭᠦᠭᠡ ᠴᠡᠭ ᠦᠨ ᠬᠡᠯᠪᠡᠯᠵᠡᠬᠦ ᠱᠤᠭᠤᠮᠤᠨ ᠪᠤᠰᠤ ᠳᠦᠭᠦᠮ ᠳᠡᠭᠦᠵᠡᠩ ᠦᠨ ᠬᠦᠳᠡᠯᠭᠡᠭᠡᠨ ᠦ ᠵᠢᠮ ᠢ ᠳᠤᠰᠬᠠᠭᠰᠠᠨ ᠵᠢᠷᠤᠭ ᠢ ᠵᠢᠷᠤᠭᠴᠢᠯᠠᠭᠰᠠᠨ ᠦᠭᠡᠢ ᠪᠠᠶᠢᠨ᠎ᠠ᠃ ᠵᠤᠬᠢᠶᠠᠯ ᠳᠤ᠂ ᠪᠢᠳᠡ ᠲᠤᠭ᠎ᠠ ᠬᠡᠮᠵᠢᠭᠳᠡᠯ ᠦᠨ ᠠᠷᠭ᠎ᠠ ᠪᠠᠷ ᠡᠯᠭᠦᠭᠡ ᠴᠡᠭ ᠦᠨ ᠳᠦᠭᠦᠮ ᠳᠡᠭᠦᠵᠢᠩ ᠦᠨ ᠬᠦᠳᠡᠯᠭᠡᠭᠡᠨ ᠦ ᠵᠢᠮ ᠢ ᠰᠤᠳᠤᠯᠤᠭᠠᠳ᠂ ᠦᠭᠦᠯᠡᠯ 〔1〕᠋ ᠶᠢᠨ ᠴᠢᠨᠠᠷ ᠤᠨ ᠵᠠᠳᠠᠯᠤᠯᠲᠠ ᠶᠢᠨ ᠠᠷᠭ᠎ᠠ ᠪᠠᠷ ᠤᠯᠤᠭᠰᠠᠨ ᠦᠷ᠎ᠡ ᠳ᠋ᠦᠩ ᠢ ᠰᠢᠯᠭᠠᠨ ᠪᠠᠲᠤᠯᠠᠪᠠ᠃ ᠡᠭᠦᠨ ᠢᠶᠡᠷ ᠳᠠᠮᠵᠢᠵᠤ ᠡᠯᠭᠦᠭᠡ ᠴᠡᠭ ᠦᠨ ᠬᠡᠯᠪᠡᠯᠵᠡᠬᠦ ᠱᠤᠭᠤᠮᠤᠨ ᠳᠦᠭᠦᠮ ᠳᠡᠭᠦᠵᠢᠩ ᠦᠨ ᠬᠦᠳᠡᠯᠭᠡᠭᠡᠨ ᠦ ᠵᠢᠮ ᠬᠠᠤᠯᠢ ᠶᠢ ᠤᠯᠠᠮ ᠨᠢᠭᠡ ᠠᠯᠬᠤᠮ ᠲᠤᠳᠤᠷᠬᠠᠶᠢᠯᠠᠪᠠ᠃ ᠪᠢᠳᠡ ᠳᠠᠬᠢᠨ ᠡᠯᠭᠦᠭᠡ ᠴᠡᠭ ᠦᠨ ᠬᠡᠯᠪᠡᠯᠵᠡᠬᠦ ᠱᠤᠤᠮᠤᠨ ᠪᠤᠰᠤ ᠳᠦᠭᠦᠮ ᠳᠡᠭᠦᠵᠢᠩ ᠦᠨ ᠬᠦᠳᠡᠯᠭᠡᠭᠡᠨ ᠦ ᠵᠢᠮ ᠢ ᠰᠤᠳᠤᠯᠤᠭᠠᠳ᠂ ᠲᠡᠭᠦᠨ ᠦ ᠦᠨᠳᠦᠰᠦᠨ ᠬᠦᠳᠡᠯᠭᠡᠭᠡᠨ ᠦ ᠵᠢᠮ ᠦᠨ ᠲᠤᠬᠠᠢ ᠵᠤᠬᠢᠬᠤ ᠰᠢᠨ᠎ᠡ ᠲᠠᠨᠢᠯᠲᠠ ᠶᠢ ᠤᠯᠤᠭᠰᠠᠨ ᠪᠠᠶᠢᠨ᠎ᠠ᠃ |
原文 |
查看原文
|
出自 |
内蒙古民族大学学报(自然科学)
2007年
第2期
|